ᠤᠨᠢᠨ ᠲᠡᠭᠡᠷ᠎ᠡ ᠨᠢ ᠬᠤᠲᠠᠯᠳᠤᠭᠠᠴᠢᠨ ᠤᠷᠢᠵᠦ ᠪᠡᠯᠡ ᠲᠡᠳᠡᠵᠦ᠂ ᠪᠦᠬᠦ ᠠᠷᠠᠳ ᠤᠨ ᠬᠤᠳᠠᠯᠲᠤᠭᠠᠴᠢᠨ ᠤᠷᠢᠵᠦ ᠪᠡᠯᠡ ᠲᠡᠳᠠᠬᠤ ᠤᠷᠴᠢᠨ ᠢ ᠪᠤᠢ ᠪᠤᠯᠭᠠᠨ᠎ᠡ
ᠨᠡᠶᠢᠲᠡᠯᠡᠭᠰᠡᠨ ᠴᠠᠭ᠄
2018-04-16

   

     ᠰᠤᠷᠪᠤᠯᠵᠢᠯᠠᠭ᠎ᠠ ᠶᠢᠨ ᠭᠤᠤᠯ ᠰᠡᠳᠦᠪ᠄ ᠤᠨᠢᠨ ᠲᠡᠭᠡᠷ᠎ᠡ ᠨᠢ ᠬᠤᠲᠠᠯᠳᠤᠭᠠᠴᠢᠨ ᠤᠷᠢᠵᠦ ᠪᠡᠯᠡ ᠲᠡᠳᠡᠵᠦ᠂

ᠪᠦᠬᠦ ᠠᠷᠠᠳ ᠤᠨ ᠬᠤᠳᠠᠯᠲᠤᠭᠠᠴᠢᠨ ᠤᠷᠢᠵᠦ ᠪᠡᠯᠡ ᠲᠡᠳᠠᠬᠤ ᠤᠷᠴᠢᠨ ᠢ ᠪᠤᠢ ᠪᠤᠯᠭᠠᠨ᠎ᠡ᠃      

     ᠰᠤᠷᠪᠤᠯᠵᠢᠯᠠᠭ᠎ᠠ ᠶᠢᠨ ᠬᠦᠨᠳᠦᠳᠦ ᠵᠤᠴᠢᠨ᠄ ᠬᠤᠳᠠᠯᠳᠤᠭᠠᠴᠢᠨ ᠤᠷᠢᠵᠦ ᠪᠡᠯᠡ ᠲᠡᠳᠠᠬᠤ ᠦᠢᠯᠡᠴᠢᠯᠡᠭᠡᠨ ᠤ

ᠲᠦᠪ ᠤᠨ ᠲᠡᠳ᠋ ᠡᠷᠬᠢᠯᠡᠭᠴᠢ ᠰᠦᠩ ᠬᠤᠤ        

     ᠰᠤᠷᠪᠤᠯᠵᠢᠯᠠᠭ᠎ᠠ ᠶᠢᠨ ᠴᠠᠭ ᠬᠤᠭᠤᠴᠠᠭ᠎ᠠ᠄ 2017 ᠤᠨ ᠤ 12 ᠰᠠᠷ᠎ᠡ ᠶᠢᠨ 21 ᠤ ᠡᠳᠦᠷ        

     ᠬᠦᠲᠦᠯᠦᠭᠴᠢ᠄ ᠦᠨᠦ ᠵᠢᠯ᠂ ᠮᠠᠨ ᠤᠨ ᠬᠤᠰᠢᠭᠤᠨ ᠤ ᠬᠤᠳᠠᠯᠳᠤᠭᠠᠴᠢᠨ ᠤᠷᠢᠵᠦ ᠪᠡᠯᠡ ᠲᠡᠳᠠᠬᠤ ᠠᠵᠢᠯ

ᠶᠠᠮᠠᠷ ᠠᠮᠵᠢᠯᠲᠡ ᠤᠯᠤᠭᠰᠡᠨ ᠪᠤᠢ︖      

     ᠰᠦᠩ ᠬᠤᠤ᠄ 2017 ᠤᠨ ᠳᠤ᠂ ᠮᠠᠨ ᠤ ᠬᠤᠰᠢᠭᠤ ᠤᠯᠤᠰ ᠤᠨ ᠲᠤᠳᠤᠭᠠᠲᠦ ︵ᠤᠷᠤᠨ ᠤ ᠭᠠᠳᠠᠨᠠᠬᠢ︶

ᠪᠡᠯᠡ ᠮᠦᠩᠭᠦ ᠨᠡᠶᠢᠲᠡ 97.44 ᠳ᠋ᠦᠩᠰᠢᠭᠤᠷ ᠲᠦᠭᠦᠷᠢᠭ ᠲᠡᠳᠡᠨ ᠤᠷᠤᠭᠤᠯᠵᠦ᠂ ᠠᠳᠡᠯᠢ ᠬᠤᠭᠤᠴᠠᠭᠠᠨ

 ᠳᠤ123% ᠪᠠᠷ ᠨᠡᠮᠡᠭᠲᠡᠵᠦ᠂ ᠪᠤᠭᠤᠲᠦ ᠬᠤᠲᠡ ᠶᠢᠨ ᠲᠠᠭᠠᠭᠠᠯᠭᠠᠭᠰᠡᠨ ᠡᠭᠦᠷᠭᠡ ᠬᠠᠷᠡᠯᠲᠡ ᠪᠠᠨ157.16%

 ᠪᠠᠷ ᠲᠡᠪᠠᠭᠤᠯᠦᠨ ᠪᠡᠶᠡᠯᠡᠭᠦᠯᠪᠡ᠃ ᠪᠦᠬᠦ ᠬᠤᠰᠢᠭᠤ ᠪᠦᠬᠦ ᠵᠢᠯ ᠳᠡᠭᠡᠨ 30 ᠵᠤᠷᠪᠤᠰ ᠭᠤᠤᠯᠳᠠᠯᠭᠠᠲᠦ ᠲᠦᠷᠦᠯ

ᠵᠦᠢᠯ ᠤᠨ ᠭᠡᠷ᠎ᠡ ᠲᠤᠭᠳᠠᠵᠦ᠂ ᠬᠡᠯᠡᠯᠴᠡᠭᠡᠷ ᠤᠨ ᠪᠡᠯᠡ ᠮᠦᠩᠭᠦ ᠨᠢ ᠨᠡᠶᠢᠲᠡ 200.82 ᠳ᠋ᠦᠩᠰᠢᠭᠤᠷ ᠲᠦᠭᠦᠷᠢᠭ

ᠬᠦᠷᠴᠦ᠂ ᠲᠤᠰ ᠵᠢᠯ ᠳᠡᠭᠡᠨ ᠪᠠᠶᠢᠭᠤᠯᠤᠯᠲᠡ ᠳᠤ ᠤᠷᠤᠭᠤᠯᠤᠭᠰᠡᠨ ᠨᠢ 24 ᠲᠦᠷᠦᠯ᠂ ᠪᠦᠲᠦᠭᠡᠨ ᠪᠠᠶᠢᠭᠤᠯᠤᠯᠲᠡ

 ᠶᠢᠨ ᠨᠤᠷᠮ᠎ᠡ ᠨᠢ 80% ᠬᠦᠷᠪᠡ᠃        

     ᠬᠦᠲᠦᠯᠦᠭᠴᠢ᠄ ᠮᠠᠨ ᠤ ᠬᠤᠰᠢᠭᠤ ᠬᠤᠳᠠᠯᠳᠤᠭᠠᠴᠢᠨ ᠤᠷᠢᠵᠦ ᠪᠡᠯᠡ ᠲᠡᠳᠠᠬᠤ ᠲᠡᠯ᠎ᠡ ᠪᠠᠷ ᠶᠠᠮᠡᠷ

ᠦᠨᠳᠦᠰᠦᠨ‌ᠠᠵᠢᠯ ᠤᠳ ᠬᠢᠭᠰᠡᠨ ᠪᠤᠢ︖        

     ᠰᠦᠩ ᠬᠤᠤ᠄ ᠨᠢᠭᠡ᠂ ᠬᠤᠳᠠᠯᠳᠤᠭᠠᠴᠢᠨ ᠤᠷᠢᠬᠤ ᠲᠦᠷᠦᠯ ᠵᠦᠢᠯ ‍ᠤᠨ‌‍ᠰᠠᠭᠤᠷᠢ ᠶᠢ ᠨᠡᠩ ᠪᠠᠬᠢᠵᠢᠭᠦᠯᠪᠡ᠃

ᠬᠤᠳᠠᠯᠳᠤᠭᠠᠴᠢᠨ ᠤᠷᠢᠬᠤ ᠲᠦᠷᠦᠯ ᠵᠦᠢᠯ ᠤᠨ ᠬᠦᠮᠦᠷᠭᠡᠯᠡᠬᠦ ᠲᠡᠮᠳᠡᠭᠯᠡᠯ ᠪᠡ ᠲᠤᠪᠬᠢᠮᠡᠯ ᠨᠠᠶᠢᠷᠠᠭᠤᠯᠬᠤ ᠠᠵᠢᠯ ᠢ

ᠦᠷᠨᠢᠭᠦᠯᠵᠦ᠂ ᠨᠠᠢᠮᠠᠨ ᠲᠡᠯ᠎ᠡ ᠶᠢᠨ127 ᠵᠤᠷᠪᠤᠰ ᠲᠦᠷᠦᠯ ᠵᠦᠢᠯ ᠢ ᠰᠤᠩᠭᠤᠨ ᠬᠦᠮᠦᠷᠭᠡᠯᠡᠪᠡ᠃ ︽ᠲᠠᠷᠬᠠᠨ

ᠮᠤᠤᠮᠢᠩᠭᠠᠨ ᠬᠤᠰᠢᠭᠤᠨ ᠤ ᠪᠡᠯᠡ ᠤᠷᠤᠭᠤᠯᠦᠯᠲᠡ ᠶᠢᠨ ᠲᠠᠶᠢᠯᠪᠤᠷᠢ︾᠂ ︽ᠲᠠᠷᠬᠠᠨ ᠮᠤᠤᠮᠢᠩᠭᠠᠨ ᠬᠤᠰᠢᠭᠤᠨ ᠤ

PPP ᠲᠦᠷᠦᠯ ᠵᠦᠢᠯ ᠤᠨ ᠬᠤᠳᠠᠯᠲᠤᠭᠠᠴᠢᠨ ᠤᠷᠢᠬᠤ ᠲᠠᠶᠢᠯᠪᠤᠷᠢ︾᠂ ᠮᠠᠨᠳᠤᠯ ᠪᠤᠭᠤᠮᠲᠡ᠂ ᠪᠠᠢ ᠯᠢᠩ ᠨᠡᠶᠢᠲᠡᠮ

ᠬᠡᠷᠡᠭᠯᠡᠬᠦ ᠨᠢᠰᠭᠡᠯ ᠤᠨ ᠪᠠᠭᠤᠲᠡᠯ ᠵᠠᠷᠭᠡ ᠲᠤᠰᠬᠠᠢ ᠰᠡᠳᠤᠪᠲᠦ ᠠᠷᠠᠯᠵᠢᠶᠠᠴᠢᠨ ᠤᠷᠢᠬᠤ ᠲᠦᠯᠦᠪᠯᠡᠭᠡ ᠶᠢᠨ ᠪᠢᠴᠢᠭ ᠢ

ᠨᠠᠶᠢᠷᠠᠭᠤᠯᠦᠨ ᠳᠠᠭᠤᠰᠬᠠᠪᠡ᠃ ︽ᠲᠠᠷᠬᠠᠨ ᠮᠤᠤᠮᠢᠩᠭᠠᠨ ᠬᠤᠰᠢᠭᠤᠨ ᠤ ᠹᠯᠤᠷ ᠮᠠᠲ᠋ᠧᠷᠢᠶᠠᠯ ᠤᠨ ᠲᠦᠰᠦᠯ ᠤᠨ

ᠰᠤᠳᠤᠯᠭᠠᠨ ᠤ ᠮᠡᠳᠡᠭᠦᠯᠦᠯᠲᠡ︾᠂ ︽ᠲᠠᠷᠬᠠᠨ ᠮᠤᠤᠮᠢᠩᠭᠠᠨ ᠬᠤᠰᠢᠭᠤᠨ ᠤ ᠪᠠᠯ ᠴᠢᠯᠠᠭᠤᠨ ᠤ ᠦᠢᠯᠡᠰ ᠤᠨ

ᠬᠦᠭᠵᠢᠯᠲᠡ ᠶᠢᠨ ᠲᠦᠯᠦᠪᠵᠢᠭᠦᠯᠭᠡ︾ ᠪᠤᠯᠤᠨ ᠴᠠᠬᠢᠭᠤᠷ ᠮᠠᠩᠭᠠᠨ ᠤ ᠬᠠᠶᠢᠯᠤᠰᠢ ᠶᠢᠨ ᠬᠠᠯᠠᠭᠤᠨ ᠵᠤᠤᠬ᠎ᠠ ᠵᠢᠴᠢ

ᠶᠡᠷᠦᠩᠬᠡᠶᠢᠯᠡᠨ ᠠᠰᠢᠭᠯᠠᠬᠤ ᠲᠦᠷᠦᠯ ᠵᠦᠢᠯ᠂ ᠵᠢᠯ ᠳᠡᠭᠡᠨ10 ᠲᠤᠨ ᠬᠤᠪᠤᠷ ᠰᠢᠷᠣᠢ ᠵᠠᠰ ᠤᠨ ᠬᠠᠶᠢᠯᠤᠰᠢ

ᠦᠢᠯᠡᠳᠪᠦᠷᠢᠯᠡᠬᠦ ᠵᠠᠷᠭᠡ ᠤᠯᠠᠨ ᠲᠦᠷᠦᠯ ᠵᠦᠢᠯ ᠤᠨ ᠰᠠᠨᠠᠭᠤᠯᠭ᠎ᠠ ᠶᠢᠨ ᠪᠢᠴᠢᠭ ᠢ ᠨᠠᠶᠢᠷᠠᠭᠤᠯᠵᠦ᠂ ᠬᠤᠳᠠᠯᠳᠤᠭᠠᠴᠢᠨ

ᠤᠷᠢᠵᠦ ᠪᠡᠯᠡ ᠲᠡᠳᠠᠬᠤ ᠶᠢᠨ ︽ᠭᠠᠷᠴᠦ ᠶᠠᠪᠤᠬᠤ︾ ᠳᠤ ᠪᠠᠲᠤᠯᠠᠭ᠎ᠠ ᠬᠠᠩᠭᠠᠪᠡ᠃        

     ᠬᠤᠶᠠᠷ᠂ ᠬᠤᠳᠠᠯᠳᠤᠭᠠᠴᠢᠨ ᠤᠷᠢᠨ ᠪᠡᠯᠡ ᠲᠡᠳᠠᠬᠤ ᠤᠬᠠᠭᠤᠯᠭ᠎ᠠ ᠪᠠᠨ ᠰᠢᠭᠤᠷᠬᠠᠢ ᠴᠢᠩᠭᠠᠳᠬᠠᠨ᠎ᠡ᠃

︽ᠲᠡᠯ᠎ᠡ ᠵᠢᠨ‌‍ᠭᠦ᠋ᠨ ᠳᠤ ᠬᠠᠪᠤᠷ ᠢᠪᠡᠭᠡᠬᠦ︾ ᠭᠡᠬᠦ ᠬᠤᠳᠠᠯᠳᠤᠭᠠᠴᠢᠨ ᠤᠷᠢᠵᠦ ᠪᠡᠯᠡ ᠲᠡᠳᠠᠬᠤ ᠤᠬᠠᠭᠤᠯᠭ᠎ᠠ ᠶᠢᠨ

ᠹᠢᠯᠢᠮ ᠵᠤᠬᠢᠶᠠᠵᠦ᠂ ᠦᠨᠦᠳᠤᠷ ᠤᠨ ᠪᠤᠭᠤᠲᠦ᠂ ᠪᠤᠭᠤᠲᠦ ᠶᠢᠨ ᠡᠳᠤᠷ ᠤᠨ ᠰᠤᠨᠢᠨ ᠲᠡᠭᠡᠷ᠎ᠡ ︽ᠰᠠᠭᠤᠷᠢ ᠪᠠᠨ

ᠪᠠᠬᠢᠵᠢᠭᠤᠯᠦᠨ ᠬᠦᠭᠵᠢᠯᠲᠡ ᠶᠢ ᠡᠷᠢᠯᠬᠢᠯᠡᠵᠦ᠂ ᠨᠦᠭᠦᠴᠡᠯ ᠪᠦᠷᠢᠯᠳᠦᠭᠦᠯᠦᠨ ᠴᠢᠳᠠᠪᠦᠷᠢᠲᠡᠨ ᠤᠷᠢᠬᠤ︾ ᠵᠠᠷᠭᠡ

ᠤᠬᠠᠭᠤᠯᠭ᠎ᠠ ᠶᠢᠨ ᠲᠤᠰᠬᠠᠢ ᠬᠡᠪᠯᠡᠯ ᠨᠡᠶᠢᠲᠡᠯᠡᠪᠡ᠃ ᠲᠡᠷᠠᠬᠨ ᠮᠤᠤᠮᠢᠩᠭᠠᠨ ᠤ ᠵᠠᠰᠠᠭ ᠤᠨ ᠤᠷᠳᠤᠨ ᠤ ᠰᠦᠯᠵᠢᠶ᠎ᠡ

ᠪᠡ ︽ᠨᠡᠭᠦᠲᠡᠯ ᠮᠠᠯᠵᠢᠯ ᠤᠨ ᠲᠠᠷᠬᠠᠨ ᠮᠤᠤᠮᠢᠩᠭᠠᠨ︾ ᠸᠢᠴᠠᠲ ᠲᠠᠪᠴᠡᠩ ᠢᠶᠠᠷ ᠲᠠᠮᠵᠢᠨ᠂ ᠭᠠᠳᠠᠭᠠᠲᠦ

ᠡᠴᠠ‌ᠤᠷᠤᠭᠤᠯᠬᠤ ᠮᠢᠬᠠᠨ ᠤᠨ ᠵᠦᠢᠯᠡᠰ ‍ᠤᠨ‌ᠨᠡᠷᠡᠯᠡᠭᠰᠡᠨ ᠪᠤᠭᠤᠮᠲᠡ ᠶᠢᠨ ᠪᠦᠲᠦᠭᠡᠨ ᠪᠠᠶᠢᠭᠤᠯᠤᠯᠲᠡ᠂ ᠪᠤᠭᠤᠮᠲᠡ ᠶᠢᠨ

ᠬᠠᠮᠲᠤᠷᠠᠯ ᠵᠠᠬ᠎ᠠ ᠲᠡᠯᠭᠡᠭᠦᠷ᠂ ᠠᠷᠠᠯᠵᠢᠶᠠᠨ ᠤ ᠲᠤᠭᠤᠷᠢᠭ ᠤᠨ ᠪᠦᠲᠦᠭᠡᠨ ᠪᠠᠶᠢᠭᠤᠯᠤᠯᠲᠡ ᠪᠤᠯᠤᠨ ᠲᠠᠷᠬᠠᠨ

ᠮᠤᠤᠮᠢᠩᠭᠠᠨ ᠤ ᠨᠢᠭᠡ᠂ ᠬᠤᠶᠠᠷ᠂ ᠭᠤᠷᠪᠠᠳᠤᠭᠠᠷ ᠠᠵᠦ ᠦᠢᠯᠡᠰ ᠤᠨ ᠬᠤᠳᠠᠯᠳᠤᠭᠠᠴᠢᠨ ᠤᠷᠢᠬᠤ ᠵᠠᠷᠯᠡᠯ ᠢ

ᠲᠠᠷᠬᠠᠭᠠᠵᠦ᠂ ᠲᠠᠷᠬᠠᠨ ᠮᠤᠤᠮᠢᠩᠭᠠᠨ ᠤ ᠬᠤᠳᠠᠯᠳᠤᠭᠠᠴᠢᠨ ᠤᠷᠢᠨ ᠪᠡᠯᠡ ᠲᠡᠳᠠᠬᠤ ᠤᠷᠴᠢᠨ ᠤ ᠲᠡᠪᠠᠭᠤᠯᠢᠭ ᠢ

ᠤᠬᠠᠭᠤᠯᠵᠦ᠂ ︽ᠲᠠᠷᠬᠠᠨ ᠮᠤᠤᠮᠢᠩᠭᠠᠨ ᠤ ᠪᠡᠯᠡ ᠤᠷᠤᠭᠤᠯᠤᠯᠲᠡ︾ ᠭᠡᠬᠦ ᠨᠡᠷ᠎ᠡ ᠢ ᠤᠯᠡᠮ ᠠᠴᠠ ᠮᠠᠨᠳᠤᠭᠤᠯᠦᠨ᠎ᠡ᠃    

   

     ᠭᠤᠷᠪᠡ᠂ ᠠᠷᠠᠯᠵᠢᠶᠠᠴᠢᠨ‌ᠤᠷᠢᠬᠤ ᠠᠵᠢᠯ ᠤᠨ ᠠᠷᠭ᠎ᠠ ᠪᠠᠷᠢᠯ ᠢ ᠠᠯᠭᠤᠷ ᠰᠢᠯᠢᠳᠡᠭᠵᠢᠭᠦᠯᠦᠨ᠎ᠡ᠃ ᠲᠤᠰᠬᠠᠢ ᠪᠡ

ᠵᠢᠵᠢᠭ ᠪᠦᠯᠬᠦᠮ ᠤᠨ ᠬᠤᠳᠠᠯᠳᠤᠭᠠᠴᠢᠨ‌ᠤᠷᠢᠨ ᠪᠡᠯᠡ ᠲᠡᠳᠠᠬᠤ ᠪᠠᠷ ᠭᠤᠤᠯ ᠪᠤᠯᠭᠠᠵᠦ᠂ ᠪᠡᠭᠡᠵᠢᠩ᠂ ᠱᠠᠩᠬᠠᠢ᠂

ᠠᠨᠾᠦ᠋ᠢ᠂ ᠤᠷᠳᠤᠰ᠂ ᠦᠬᠠᠢ᠂ ᠡᠷᠢᠶᠠᠨ ᠬᠤᠲᠡ ᠵᠠᠷᠭᠡ ᠮᠤᠵᠢ ᠬᠤᠲᠡ ᠶᠢᠨ ᠠᠵᠦ ᠦᠢᠯᠡᠳᠪᠦᠷᠢ᠂ ᠲᠠᠷᠢᠶᠠᠯᠠᠩ ᠮᠠᠯ

ᠠᠵᠦ ᠠᠬᠤᠢ᠂ ᠡᠯᠧᠺᠲᠷᠤᠨ ᠬᠤᠳᠠᠯᠳᠤᠭ᠎ᠠ ᠵᠠᠷᠭᠡ ᠲᠡᠯ᠎ᠡ ᠪᠠᠷ ᠪᠤᠲᠠᠲᠠᠢ ᠪᠠᠶᠢᠴᠠᠭᠠᠯᠲᠡ ᠬᠢᠪᠡ᠃ ᠦᠪᠡᠷᠲᠡᠭᠡᠨ

ᠵᠠᠰᠠᠬᠤ ᠤᠷᠤᠨ ᠤ ᠪᠤᠯᠤᠨ ᠲᠦᠪ ᠤᠨ ᠠᠵᠦ ᠠᠬᠤᠶᠢᠯᠡᠯ ᠤᠨ ᠪᠠᠶᠢᠯᠳᠤᠬᠤ ᠪᠤᠳᠤᠯᠭ᠎ᠠ ᠶᠢᠨ ᠬᠠᠮᠳᠤᠷᠠᠨ ᠠᠵᠢᠯᠯᠠᠬᠤ

ᠪᠤᠳᠣᠯ ᠰᠤᠯᠢᠯᠴᠠᠬᠤ ᠬᠤᠷᠡᠯ᠂ ᠬᠤᠶᠠᠳᠤᠭᠠᠷ ᠬᠤᠭᠤᠴᠠᠭᠠᠨ ᠤ ᠳᠤᠮᠲᠠᠳᠦ ᠮᠤᠩᠭᠤᠯ ᠤᠨ ᠡᠺᠰᠫᠤ᠂ ᠲᠢᠶᠠᠨᠵᠢᠨ ᠤ

ᠬᠡᠯᠡᠯᠴᠡᠭᠡᠷ ᠵᠠᠷᠭᠡ ᠬᠤᠳᠠᠯᠳᠤᠭᠠᠴᠢᠨ ᠤᠷᠢᠬᠤ ᠬᠤᠷᠡᠯ ᠴᠤᠭᠯᠠᠭᠠᠨ ᠳᠤ ᠤᠷᠤᠯᠴᠠᠵᠦ᠂ ᠰᠢᠨ᠎ᠡ ᠵᠠᠭᠤᠴᠢᠯᠠᠭᠤᠷ ᠶᠢᠨ

ᠠᠵᠦ ᠠᠬᠤᠶᠢᠯᠡᠯ ᠤᠨ ᠰᠠᠭᠤᠲᠡᠯ ᠤᠨ ᠬᠤᠷᠡᠯ ᠵᠠᠷᠭᠡ ᠬᠤᠳᠠᠯᠳᠤᠭᠠᠴᠢᠨ ᠤᠷᠢᠵᠦ ᠪᠡᠯᠡ ᠲᠡᠳᠠᠬᠤ ᠲᠤᠰᠬᠠᠢ

ᠰᠠᠭᠤᠲᠡᠯ ᠤᠨ ᠬᠤᠷᠡᠯ ᠳᠤ 30 ᠭᠠᠷᠦᠢ ᠤᠳᠠᠭ᠎ᠠ ᠤᠷᠤᠯᠴᠠᠪᠡ᠃        

     ᠲᠦᠷᠪᠡ᠂ ᠬᠤᠳᠠᠯᠳᠤᠭᠠᠴᠢᠨ ᠤᠷᠢᠨ ᠪᠡᠯᠡ ᠲᠡᠳᠠᠬᠤ ᠠᠵᠢᠯ ᠤᠨ ᠲᠤᠭᠳᠠᠯᠴᠠᠭ᠎ᠠ ᠪᠠᠨ ᠰᠢᠭᠤᠷᠬᠠᠢ  

ᠲᠡᠭᠦᠯᠲᠡᠷᠵᠢᠭᠦᠯᠦᠨ᠎ᠡ᠃ ︽ᠲᠡᠷᠬᠠᠨ ᠮᠤᠤᠮᠢᠩᠭᠠᠨ ᠬᠤᠰᠢᠭᠤᠨ ᠤ ᠬᠤᠳᠠᠯᠳᠤᠭᠠᠴᠢᠨ ᠤᠷᠢᠨ ᠪᠡᠯᠡ ᠲᠡᠳᠠᠬᠤ ᠶᠢ

ᠤᠯᠡᠮ ᠨᠢᠭᠡ ᠠᠯᠬᠤᠮ ᠴᠢᠠᠩᠭᠠᠷᠠᠭᠤᠯᠬᠤ ᠠᠵᠢᠯ ᠤᠨ ᠬᠡᠷᠡᠭᠵᠢᠭᠦᠯᠬᠦ ᠰᠠᠨᠠᠯ︾ ᠢ ᠨᠡᠶᠢᠲᠡᠯᠡᠵᠦ᠂ ᠪᠠᠶᠢᠭᠤᠯᠤᠯᠲᠡ

ᠲᠤᠬᠢᠷᠠᠭᠤᠯᠤᠯᠲᠡ᠂ ᠲᠦᠷᠦ ᠶᠢ ᠪᠤᠳᠤᠯᠭ᠎ᠠ ᠵᠢᠯᠤᠭᠤᠳᠤᠯᠭ᠎ᠠ ᠤᠳᠤᠷᠢᠳᠤᠮᠵᠢ᠂ ᠪᠦᠷᠢᠳᠭᠡᠯ ᠦᠨᠡᠯᠡᠯᠲᠠ ᠵᠠᠷᠭᠡ ᠪᠠᠨ

ᠲᠤᠳᠤᠭᠬᠠᠵᠦ᠂ ︽ᠲᠦᠷᠪᠡᠨ ᠨᠢᠭᠡ︾ ᠠᠵᠢᠯ ᠤᠨ ᠪᠠᠶᠢᠭᠤᠯᠤᠮᠵᠢ ︵ᠨᠢᠭᠡ ᠠᠵᠢᠯ ᠤᠨ ᠲᠦᠰᠦᠯ᠂ ᠨᠢᠭᠡ ᠠᠵᠢᠯ ᠤᠨ

ᠨᠧᠲ ᠰᠦᠯᠵᠢᠶ᠎ᠡ᠂ ᠨᠢᠭᠡ ᠲᠦᠷᠦᠯ ᠵᠦᠢᠯ ᠢ ᠵᠤᠬᠢᠴᠠᠭᠤᠯᠦᠨ ᠨᠢᠭᠡᠳᠭᠡᠬᠦ ᠶᠢ ᠠᠬᠢᠭᠤᠯᠬᠤ ᠲᠦᠷᠢᠮ᠂ ᠨᠢᠭᠡ ᠦᠢᠯᠡᠰ

 ᠤᠨ ᠲᠦᠷᠦ ᠶᠢᠨ ᠪᠤᠳᠤᠯᠭ᠎ᠠ︶ ᠶᠢ ᠪᠠᠶᠢᠭᠤᠯᠪᠡ᠃        

     ᠬᠦᠲᠦᠯᠦᠭᠴᠢ᠄ ᠮᠠᠨ ᠤ ᠬᠤᠰᠢᠭᠤ ᠶᠠᠮᠠᠷ ᠠᠷᠭ᠎ᠠ ᠬᠡᠮᠵᠢᠶ᠎ᠡ ᠠᠪᠴᠦ ᠬᠤᠳᠠᠯᠳᠤᠭᠠᠴᠢᠨ ᠤᠷᠢᠵᠦ ᠪᠡᠯᠡ

ᠲᠡᠳᠠᠬᠤ ᠤᠷᠴᠢᠨ ᠢ ᠰᠢᠯᠢᠳᠡᠭᠵᠢᠭᠦᠯᠬᠦ ᠪᠤᠢ︖      

     ᠰᠦᠩ ᠬᠤᠤ᠄ 2017ᠤᠨ᠂ ᠮᠠᠨ ᠤ ᠬᠤᠰᠢᠭᠤ ᠤᠯᠠᠨ ᠠᠷᠪᠢᠨ‌ᠠᠷᠭ᠎ᠠ ᠬᠡᠮᠵᠢᠶ᠎ᠡ ᠠᠪᠴᠦ ᠬᠤᠳᠠᠯᠳᠤᠭᠠᠴᠢᠨ

ᠤᠷᠢᠵᠦ ᠪᠡᠯᠡ ᠲᠡᠳᠠᠬᠤ ᠤᠷᠴᠢᠨ ᠢ ᠰᠢᠯᠢᠳᠡᠭᠵᠢᠭᠦᠯᠦᠭᠰᠡᠨ ᠪᠠᠶᠢᠨ᠎ᠡ᠃ ᠨᠢᠭᠡ ᠨᠢ ︽ᠨᠢᠭᠡ ᠪᠦᠯᠦᠭ ᠢ ᠨᠢ

ᠲᠦᠯᠦᠪᠯᠡᠵᠦ᠂ ᠨᠢᠭᠡ ᠪᠦᠯᠦᠭ ᠢ ᠨᠢ ᠠᠬᠢᠭᠤᠯᠵᠦ᠂ ᠨᠢᠭᠡ ᠪᠦᠯᠦᠭ ᠢ ᠨᠢ ᠡᠬᠢᠯᠡᠭᠦᠯᠵᠦ᠂ ᠨᠢᠭᠡ ᠪᠦᠯᠦᠭ ᠢ ᠨᠢ

ᠪᠡᠶᠡᠯᠡᠭᠦᠯᠭᠦ︾ ᠠᠵᠢᠯ ᠤᠨ ᠰᠠᠳᠭᠢᠴᠡ ᠢ ᠦᠨᠳᠦᠰᠦᠯᠡᠨ᠂ ᠨᠢᠭᠡ ᠪᠦᠯᠦᠭ ᠤᠷᠢᠳᠠᠯ ᠭᠠᠷ ᠭᠦᠢᠴᠡᠳᠭᠡᠯ ᠢᠶᠠᠷ

ᠲᠤᠳᠠᠮᠠᠭ ᠲᠦᠷᠦᠯ ᠵᠦᠢᠯ ᠢ ᠤᠨᠤᠪᠴᠢᠲᠠᠢ᠂ ᠲᠦᠭᠦᠮ᠂ ᠦᠨᠳᠤᠷ ᠠᠰᠢᠭᠲᠠᠢ ᠵᠠᠷᠴᠢᠮ ᠢᠶᠠᠷ᠂ ᠲᠤᠰᠬᠠᠢ ᠬᠦᠮᠦᠨ

ᠲᠤᠮᠢᠯᠠᠨ ᠲᠦᠷᠦᠯ ᠵᠦᠢᠯ ᠤᠨ ᠬᠠᠷᠢᠭᠤᠴᠠᠯᠭᠠᠲᠡᠨ‌ᠢ ᠬᠠᠮᠵᠢᠨ ᠭᠠᠵᠠᠷ ᠰᠢᠷᠤᠢ᠂ ᠤᠷᠴᠢᠨ ᠬᠠᠮᠠᠭᠠᠯᠠᠯᠲᠡ ᠶᠢᠨ

ᠬᠢᠨᠠᠯᠲᠡ ᠪᠢᠴᠢᠭ ᠵᠠᠷᠭᠡ ᠭᠠᠷ ᠭᠦᠢᠴᠡᠳᠭᠡᠯ ᠢ ᠨᠢ ᠭᠦᠢᠴᠡᠳᠭᠡᠨ‌ᠦᠭᠴᠦ᠂ ᠲᠦᠷᠦᠯ ᠵᠦᠢᠯ ᠤᠨ ᠭᠡᠷ᠎ᠡ ᠲᠤᠭᠳᠠᠬᠤ ᠶᠢ

ᠠᠬᠢᠭᠤᠯᠤᠨ᠎ᠡ᠃        

    ᠬᠤᠶᠠᠷ᠂ ᠭᠤᠤᠯᠳᠠᠯᠭᠠᠲᠦ ᠲᠦᠷᠦᠯ ᠵᠦᠢᠯ ᠤᠨ ᠰᠠᠷ᠎ᠡ ᠶᠢᠨ ᠲᠤᠬᠢᠷᠠᠭᠤᠯᠤᠯᠲᠡ᠂ ᠤᠯᠠᠷᠢᠯ ᠤᠨ ᠵᠠᠳᠠᠯᠤᠯᠲᠡ ᠶᠢ

ᠠᠬᠢᠭᠤᠯᠬᠤ ᠲᠤᠭᠳᠠᠯᠴᠠᠭ᠎ᠠ ᠶᠢ ᠰᠠᠶᠢᠳᠤᠷ ᠬᠢᠵᠦ᠂ ᠲᠦᠷᠦᠯ ᠵᠦᠢᠯ ᠤᠨ ᠠᠬᠢᠴᠡ ᠳᠤ ᠴᠠᠭ ᠲᠤᠬᠠᠢ ᠬᠢᠨᠠᠯᠲᠡ

ᠲᠠᠯᠪᠢᠬᠤ ᠶᠢ ᠴᠢᠩᠭᠠᠷᠠᠭᠤᠯᠤᠨ᠎ᠡ᠃ ᠬᠡᠯᠡᠯᠴᠡᠵᠦ ᠪᠠᠶᠢᠭ᠎ᠠ᠂ ᠭᠡᠷ᠎ᠡ ᠲᠤᠭᠳᠠᠭᠰᠡᠨ᠂ ᠠᠵᠢᠯ ᠡᠬᠢᠯᠡᠭᠦᠯᠦᠭᠰᠡᠨ᠂

ᠠᠰᠢᠭᠯᠠᠯᠲᠡ ᠲᠤ ᠤᠷᠤᠭᠤᠯᠤᠭᠰᠡᠨ ᠡᠯ᠎ᠡ ᠲᠦᠷᠦᠯ ᠵᠦᠢᠯ ‍ᠤᠨ‌ᠠᠵᠢᠯ ᠳᠤ ᠪᠦᠬᠦ ᠲᠡᠯ᠎ᠡ ᠶᠢᠨ ᠮᠦᠷᠲᠡᠨ

ᠬᠠᠮᠢᠶᠠᠷᠤᠯᠲᠡ‌‍ᠬᠢᠨ᠎ᠡ᠃        

     ᠭᠤᠷᠪᠡ᠂ ᠲᠠᠭᠠᠯᠠᠮᠵᠢᠲᠠᠢ ᠲᠦᠷᠦ ᠶᠢᠨ ᠪᠤᠳᠤᠯᠭ᠎ᠠ ᠶᠢᠨ ᠤᠷᠴᠢᠨ ᠢ ᠪᠤᠢ ᠪᠤᠯᠭᠠᠨ᠎ᠡ᠃ ︽ᠲᠦᠷᠦ ᠶᠢ

ᠪᠤᠳᠤᠯᠭ᠎ᠠ ᠲᠦᠷᠦᠯ ᠵᠦᠢᠯ ᠢ ᠲᠠᠭᠠᠵᠦ᠂ ᠨᠢᠭᠡ ᠶᠠᠪᠤᠲᠠᠯ ᠨᠢᠭᠡ ᠵᠦᠪᠯᠡᠯᠭᠡ᠂ ᠨᠢᠭᠡ ᠠᠵᠦ ᠠᠬᠤᠶᠢᠯᠡᠯ ᠳᠤ ᠨᠢᠭᠡ

ᠲᠦᠷᠦ ᠶᠢᠨ ᠪᠤᠳᠤᠯᠭ᠎ᠠ ᠬᠡᠷᠡᠭᠵᠢᠭᠦᠯᠭᠦ︾ ᠵᠠᠷᠴᠢᠮ ᠢ ᠦᠨᠳᠦᠰᠦᠯᠡᠨ᠂ ᠠᠵᠦ ᠦᠢᠯᠡᠰ ᠤᠨ ᠲᠦᠷᠦ ᠶᠢᠨ ᠪᠤᠳᠤᠯᠭ᠎ᠠ

 ᠳᠤ ᠨᠡᠶᠢᠴᠡᠭᠦᠯᠵᠦ᠂ ᠤᠷᠤᠨ ᠨᠤᠲᠤᠭ ᠤᠨ ᠠᠵᠢ ᠠᠬᠤᠢ ᠶᠢᠨ ᠲᠠᠶᠢᠴᠢᠯᠠᠬᠤ ᠬᠦᠴᠦᠨ ᠢᠶᠠᠷ ᠶᠡᠭᠡ ᠲᠦᠷᠦᠯ ᠵᠦᠢᠯ

 ᠳᠤ ᠲᠦᠷᠦ ᠶᠢᠨ ᠪᠤᠳᠤᠯᠭ᠎ᠠ ᠶᠢᠨ ᠲᠡᠮᠵᠢᠯᠭᠡ ᠬᠦᠷᠲᠡᠭᠡᠨ᠎ᠡ᠃ ᠮᠦᠩᠭᠦᠨ ᠭᠦᠢᠯᠭᠡᠭᠡᠨ ᠤ ᠪᠠᠶᠢᠭᠤᠯᠤᠮᠵᠢ ᠳᠤ

ᠲᠦᠰᠢᠭᠯᠡᠨ᠂ ᠪᠠᠩᠬᠢ ᠦᠢᠯᠡᠳᠪᠦᠷᠢ ᠶᠢᠨ ᠰᠤᠯᠢᠯᠴᠠᠭᠠᠨ ᠤ ᠲᠠᠪᠴᠡᠩ ᠢ ᠪᠠᠶᠢᠭᠤᠯᠵᠦ᠂ ᠠᠵᠦ ᠠᠬᠤᠶᠢᠯᠡᠯ ᠤᠨ ᠪᠡᠯᠡ

ᠴᠤᠭᠯᠠᠭᠤᠯᠬᠤ ᠵᠠᠮ ᠢ ᠦᠷᠭᠡᠳᠭᠡᠵᠦ᠂ ᠲᠦᠷᠦᠯ ᠵᠦᠢᠯ ᠤᠨ ᠪᠠᠶᠡᠯᠡᠭᠲᠡᠬᠦ ᠳᠤ ᠮᠦᠩᠭᠦᠨ ᠭᠦᠢᠯᠭᠡᠭᠡᠨ ᠤ ᠪᠠᠲᠤᠯᠠᠭ᠎ᠠ

ᠬᠠᠩᠭᠠᠨ᠎ᠡ᠃

 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号