ᠤᠯᠡᠨ ᠨᠡᠶᠢᠲᠡ ᠶᠢᠨ ᠦᠢᠯᠡᠴᠢᠯᠡᠭᠡᠨ ᠤ ᠬᠢᠷᠢ ᠲᠦᠪᠰᠢᠨ ᠢ ᠲᠡᠭᠡᠭᠰᠢᠯᠡᠭᠦᠯᠵᠦ᠂ ᠪᠦᠬᠦᠶᠢᠯᠡ ᠤᠷᠤᠨ ᠪᠦᠰᠡ ᠶᠢᠨ ᠵᠢᠭᠤᠯᠴᠢᠯᠠᠯ ᠤᠨ ᠪᠦᠲᠦᠭᠡᠨ ᠪᠠᠶᠢᠭᠤᠯᠤᠯᠲᠡ ᠢ ᠪᠦᠬᠦ ᠲᠠᠯ᠎ᠡ ᠪᠠᠷ ᠠᠬᠢᠭᠤᠯᠤᠨ᠎ᠡ
ᠨᠡᠶᠢᠲᠡᠯᠡᠭᠰᠡᠨ ᠴᠠᠭ᠄
2018-04-16
     

 

      ᠰᠤᠷᠪᠤᠯᠵᠢᠯᠠᠭ᠎ᠠ ᠶᠢᠨ ᠭᠤᠤᠯ ᠰᠡᠳᠤᠪ᠄ ᠤᠯᠡᠨ ᠨᠡᠶᠢᠲᠡ ᠶᠢᠨ ᠦᠢᠯᠡᠴᠢᠯᠡᠭᠡᠨ ᠤ ᠬᠢᠷᠢ ᠲᠦᠪᠰᠢᠨ ᠢ

ᠲᠡᠭᠡᠭᠰᠢᠯᠡᠭᠦᠯᠵᠦ᠂ ᠪᠦᠬᠦᠶᠢᠯᠡ ᠤᠷᠤᠨ ᠪᠦᠰᠡ ᠶᠢᠨ ᠵᠢᠭᠤᠯᠴᠢᠯᠠᠯ ᠤᠨ ᠪᠦᠲᠦᠭᠡᠨ ᠪᠠᠶᠢᠭᠤᠯᠤᠯᠲᠡ ᠢ ᠪᠦᠬᠦ ᠲᠠᠯ᠎ᠡ

 ᠪᠠᠷ ᠠᠬᠢᠭᠤᠯᠤᠨ᠎ᠡ

      ᠰᠤᠷᠪᠤᠯᠵᠢᠯᠠᠭ᠎ᠠ ᠶᠢᠨ ᠬᠦᠨᠳᠦᠳᠦ ᠵᠤᠴᠢᠨ᠄ ᠵᠢᠭᠤᠯᠴᠢᠯᠡᠯ ᠤᠨ ᠲᠤᠪᠴᠢᠶᠠᠨ ᠤ ᠲᠠᠷᠤᠭ᠎ᠠ ᠰᠦᠨ ᠹᠦ᠋ ᠱᠠᠨ

      ᠰᠤᠷᠪᠤᠯᠵᠢᠯᠠᠭ᠎ᠠ ᠶᠢᠨ ᠴᠠᠭ ᠬᠤᠭᠤᠴᠠᠭ᠎ᠠ᠄ 2017 ᠤᠨ ᠤ 10 ᠰᠠᠷ᠎ᠡ ᠶᠢᠨ 25 ᠤ ᠡᠳᠦᠷ

      ᠬᠦᠲᠦᠯᠦᠭᠴᠢ᠄ ᠤᠳᠤᠬᠠᠨ ᠳᠤ᠂ ᠮᠡᠨ ᠤᠨ ᠬᠤᠰᠢᠭᠤ ᠤᠯᠤᠰ ᠤᠨ ᠲᠡᠰ ᠤᠨ ᠪᠦᠬᠦᠶᠢᠯᠡ ᠤᠷᠤᠨ ᠪᠦᠰᠡ

 ᠶᠢᠨ ᠵᠢᠭᠤᠯᠴᠢᠯᠡᠯ ᠤᠨ ᠵᠢᠱᠢᠶᠠᠴᠢ ᠤᠷᠤᠨ ᠢ ᠪᠦᠲᠦᠭᠡᠨ ᠪᠠᠶᠢᠭᠤᠯᠬᠤ ᠲᠡᠯ᠎ᠡ ᠪᠠᠷ ᠶᠡᠮᠠᠷ ᠪᠤᠲᠠᠲᠠᠢ ᠠᠵᠢᠯ ᠬᠢᠭᠰᠡᠨ

ᠪᠤᠢ︖

      ᠰᠦᠨ ᠹᠦ᠋ ᠱᠠᠨ᠄ 2016 ᠤᠨ ᠠᠴᠠ ᠨᠠᠭᠠᠰᠢ᠂ ᠮᠡᠨ ᠤ ᠬᠤᠰᠢᠭᠤ ᠤᠯᠤᠰ ᠤᠨ ᠲᠡᠰ ᠤᠨ ᠪᠦᠬᠦᠶᠢᠯᠡ

ᠤᠷᠤᠨ ᠪᠦᠰᠡ ᠶᠢᠨ ᠵᠢᠭᠤᠯᠴᠢᠯᠡᠯ ᠤᠨ ᠵᠢᠱᠢᠶᠠᠴᠢ ᠤᠷᠤᠨ ᠢ ᠪᠦᠲᠦᠭᠡᠨ ᠪᠠᠶᠢᠭᠤᠯᠬᠤ ᠪᠠᠷ ᠬᠠᠷᠡᠯᠲᠡ ᠪᠤᠯᠭᠠᠨ᠂

ᠪᠤᠲᠠᠲᠠᠢ ᠪᠠᠷ ᠲᠤᠤᠷᠡᠬᠢ ᠮᠡᠲᠦ ᠠᠵᠢᠯ ᠤᠳ ᠢ ᠬᠢᠪᠡ᠃

      1. 2016 ᠤᠨ ᠤ 4 ᠰᠠᠷ᠎ᠡ ᠳᠤ᠂ ᠦᠪᠦᠷ ᠮᠤᠩᠭᠤᠯ ᠤᠨ ᠯᠢᠶᠠᠨ ᠹᠧᠩ ᠢᠨᠵᠧᠨᠧᠷᠢᠭ ᠳᠤ ᠵᠦᠪᠯᠡᠯᠭᠡ

ᠦᠭᠬᠦ ᠬᠢᠵᠠᠭᠠᠷᠲᠦ ᠬᠠᠷᠢᠭᠤᠴᠠᠯᠭᠠᠲᠦ ᠺᠤᠮᠫᠠᠨᠢ ᠶᠢ ᠤᠷᠢᠨ᠂ ᠬᠤᠰᠢᠭᠤᠨ ᠤ ︽︿ᠤᠯᠤᠰ ᠤᠨ ᠲᠡᠰ ᠤᠨ ᠪᠦᠬᠦᠶᠢᠯᠡ

ᠤᠷᠤᠨ ᠪᠦᠰᠡ ᠶᠢᠨ ᠵᠢᠭᠤᠯᠴᠢᠯᠡᠯ ᠤᠨ ᠵᠢᠱᠢᠶᠠᠴᠢ ᠤᠷᠤᠨ   ᠢ ᠪᠦᠲᠦᠭᠡᠨ ᠪᠠᠶᠢᠭᠤᠯᠬᠤ ᠪᠤᠯᠤᠮᠵᠢᠲᠦ ᠰᠤᠳᠤᠯᠭᠠᠨ ᠤ

ᠮᠡᠳᠡᠭᠦᠯᠦᠯᠲᠡ︾ ᠢ ᠨᠠᠶᠢᠷᠠᠭᠤᠯᠦᠨ ᠪᠢᠴᠢᠵᠦ᠂ ᠮᠡᠷᠭᠡᠵᠢᠯᠲᠡᠳ ᠤᠨ ᠲᠤᠭᠤᠶᠢᠯᠡᠩ ᠤᠨ ᠬᠢᠨᠠᠯᠲᠡ ᠵᠦᠪᠰᠢᠶᠠᠷᠡᠯ ᠢ

ᠤᠯᠪᠡ᠃

      2. 2016 ᠤᠨ ᠤ 5 ᠰᠡᠷ᠎ᠡ ᠶᠢᠨ 27 ᠤ ᠡᠳᠦᠷ᠂ ᠬᠤᠰᠢᠭᠤᠨ ᠤ ᠪᠦᠬᠦᠶᠢᠯᠡ ᠤᠷᠤᠨ ᠪᠦᠰᠡ ᠶᠢᠨ

ᠵᠢᠭᠤᠯᠴᠢᠯᠠᠯ ᠤᠨ ᠰᠠᠭᠤᠷᠢ ᠲᠦᠭᠦᠭᠡᠷᠦᠮᠵᠢ ᠶᠢᠨ ᠪᠦᠲᠦᠭᠡᠨ ᠪᠠᠶᠢᠭᠤᠯᠤᠯᠲᠡ ᠶᠢᠨ ᠲᠦᠷᠦᠯ ᠵᠦᠢᠯ ᠨᠢ ᠪᠤᠭᠤᠲᠦ

ᠬᠤᠲᠡ ᠶᠢᠨ ᠬᠦᠭᠵᠢᠯᠲᠡ ᠪᠡ ᠦᠭᠡᠷᠡᠴᠢᠯᠡᠯᠲᠡ ᠶᠢᠨ ᠵᠦᠪᠯᠡᠯ ᠪᠠᠷ ᠵᠦᠪᠰᠢᠶᠠᠷᠡᠭᠦᠯᠵᠦ᠂ ᠴᠤᠬᠤᠯᠠᠪᠤᠷᠢ ᠤᠯᠪᠡ᠃

      3. 2016 ᠤᠨ ᠤ 6 ᠰᠠᠷ᠎ᠡ ᠳᠤ᠂ ᠬᠤᠰᠢᠭᠤ ᠨᠡᠮ ᠤᠨ ᠬᠤᠷᠢᠶᠠᠨ ᠤ ᠠᠯᠪᠡᠨ ᠭᠡᠷ ᠠᠴᠠ ᠬᠤᠰᠢᠭᠤ

ᠨᠡᠮ ᠤᠨ ᠬᠤᠷᠢᠶ᠎ᠡ᠂ ᠵᠠᠰᠠᠭ ᠤᠨ ᠤᠷᠳᠤᠨ ᠤ ᠭᠤᠤᠯ ᠤᠳᠤᠷᠢᠳᠤᠯᠭ᠎ᠠ ᠪᠠᠷ ᠲᠦᠷᠦᠭᠦᠯᠦᠭᠰᠡᠨ ᠳᠠᠷᠬᠠᠨ ᠮᠤᠤᠮᠢᠩᠭᠠᠨ

ᠬᠤᠰᠢᠭᠤᠨ ᠤ ᠵᠢᠭᠤᠯᠴᠢᠯᠠᠯ ᠤᠨ ᠬᠦᠭᠵᠢᠯᠲᠡ ᠶᠢᠨ ᠵᠦᠪᠯᠡᠯ ᠢ ᠪᠠᠶᠢᠭᠤᠯᠬᠤ ᠮᠡᠳᠡᠭᠳᠡᠯ ᠲᠠᠷᠬᠠᠭᠠᠵᠦ᠂ 2017 ᠤᠨ

 ᠤ 6 ᠰᠠᠷ᠎ᠡ ᠳᠤ᠂ ᠲᠠᠬᠢᠨᠲᠡ ᠮᠡᠲᠡᠭᠳᠡᠯ ᠲᠡᠷᠬᠠᠭᠠᠵᠦ᠂ ᠤᠤᠯ ᠤᠨ ᠪᠠᠶᠢᠭᠰᠡᠨ ᠵᠢᠭᠤᠯᠴᠢᠯᠠᠯ ᠤᠨ ᠬᠦᠭᠵᠢᠯᠲᠡ ᠶᠢᠨ

ᠵᠦᠪᠯᠡᠯ ᠳᠤ ᠲᠤᠬᠢᠷᠠᠭᠤᠯᠤᠯᠲᠡ ᠬᠢᠪᠡ᠃

      4. 2016 ᠤᠨ ᠤ 10 ᠰᠠᠷ᠎ᠡ ᠶᠢᠨ19 ᠤ ᠡᠳᠦᠷ᠂ ᠰᠢᠷᠠᠮᠦ᠋ᠷᠡᠨ ᠪᠦᠬᠦᠶᠢᠯᠡ ᠤᠷᠤᠨ ᠪᠦᠰᠡ ᠶᠢᠨ

ᠵᠢᠭᠤᠯᠴᠢᠯᠠᠯ ᠤᠨ ᠵᠤᠭᠠᠴᠠᠭᠰᠡᠳ ᠲᠤ ᠦᠢᠯᠡᠴᠢᠯᠡᠬᠦ ᠲᠦᠪ ᠪᠠᠶᠢᠭᠤᠯᠤᠭᠳᠠᠭᠰᠡᠨ ᠰᠠᠭᠤᠷᠢᠨ ᠲᠡᠭᠡᠷ᠎ᠡ᠂ ᠵᠢᠭᠤᠯᠴᠢᠯᠠᠯ

 ᠤᠨ ᠲᠤᠭᠤᠷᠢᠨ ᠰᠢᠭᠦᠬᠦ ᠲᠢᠩᠬᠢᠮ᠂ ᠵᠢᠭᠤᠯᠴᠢᠯᠡᠯ ᠤᠨ ᠠᠵᠦ ᠦᠢᠯᠡᠳᠪᠦᠷᠢ ᠬᠤᠳᠠᠯᠳᠤᠭᠠᠨ ᠤ ᠬᠤᠪᠢᠶᠠᠷᠢ

ᠲᠤᠪᠴᠢᠶ᠎ᠡ᠂ ᠵᠢᠭᠤᠯᠴᠢᠯᠠᠯ ᠤᠨ ᠴᠠᠭᠳᠠᠭ᠎ᠠ ᠪᠠᠷ ᠭᠤᠤᠯ ᠪᠤᠯᠭᠠᠭᠰᠡᠨ ︽1+3︾ ᠵᠢᠭᠤᠯᠴᠢᠯᠠᠯ ᠤᠨ

ᠶᠡᠷᠦᠩᠬᠡᠶᠢᠯᠡᠭᠰᠡᠨ ᠬᠢᠨᠠᠨ ᠬᠠᠮᠢᠶᠠᠷᠬᠤ ᠶᠡᠭᠡ ᠠᠩᠬᠢ ᠵᠢᠩᠬᠢᠨᠢ ᠪᠠᠷ ᠪᠠᠶᠢᠭᠤᠯᠤᠭᠳᠠᠵᠦ᠂ ᠦᠨᠦ ᠵᠢᠯ ᠤᠨ ᠰᠢᠷᠠᠮᠦ᠋ᠷᠡᠨ ᠤ

ᠵᠢᠭᠤᠯᠴᠢᠯᠠᠯ ᠤᠨ ᠢᠳᠡ ᠤᠯᠠᠷᠢᠯ ᠬᠦᠷᠴᠦ ᠢᠷᠡᠬᠦ ᠦᠶ᠎ᠡ ᠪᠠᠷ᠂ ᠬᠢᠨᠠᠨ ᠬᠠᠮᠢᠶᠠᠷᠬᠤ ᠶᠡᠭᠡ ᠠᠩᠬᠢ ᠵᠢᠭᠤᠯᠴᠢᠯᠠᠯ ᠤᠨ

ᠵᠠᠬ᠎ᠠ ᠲᠡᠯᠭᠡᠭᠦᠷ ᠤᠨ ᠬᠢᠨᠠᠨ ᠬᠠᠮᠢᠶᠠᠷᠦᠯᠲᠡ ᠶᠢᠨ ᠴᠢᠳᠠᠮᠵᠢ ᠪᠠᠨ ᠭᠦᠢᠴᠡᠳ ᠪᠠᠲᠡᠷᠠᠭᠤᠯᠵᠦ᠂ ᠬᠤᠰᠢᠭᠤᠨ ᠤ

ᠵᠢᠭᠤᠯᠴᠢᠯᠠᠯ ᠤᠨ ᠵᠠᠬ᠎ᠠ ᠲᠡᠯᠭᠡᠭᠦᠷ ᠤᠨ ᠠᠶᠦᠯᠭᠦᠢ ᠪᠦᠭᠡᠳ ᠬᠡᠪ ᠤᠨ ᠪᠠᠶᠢᠬᠤ ᠶᠢ ᠪᠠᠲᠤᠯᠡᠨ᠎ᠡ᠃

      5. 2017 ᠤᠨ ᠤ 4 ᠰᠠᠷ᠎ᠡ ᠳᠤ᠂ ᠬᠤᠰᠢᠭᠤᠨ ᠤ ᠱᠢ ᠬᠤᠸᠠ ᠲᠡᠯ᠎ᠡ ᠨᠤᠲᠤᠭ ᠺᠤᠮᠫᠠᠨᠢ ᠶᠢᠨ ᠡᠷᠬᠢᠯᠡᠨ

ᠪᠠᠶᠢᠭᠤᠯᠤᠭᠰᠡᠨ ᠶᠡᠭᠡ ᠳ᠋ᠡᠶᠢᠲ᠋ᠡ ᠶᠢᠨ ᠲᠦᠪ ᠰᠠᠭᠤᠷᠢ ᠲᠦᠭᠦᠭᠡᠷᠦᠮᠵᠢ ᠶᠢᠨ ᠪᠦᠲᠦᠭᠡᠨ ᠪᠠᠶᠢᠭᠤᠯᠤᠯᠲᠡ ᠪᠡ

ᠵᠦᠭᠡᠯᠡᠨ ᠲᠤᠨᠤᠭ ᠤᠭᠰᠠᠷᠠᠬᠤ ᠠᠵᠢᠯ ᠢᠶᠠᠨ ᠠᠩᠬ᠎ᠠ ᠠᠯᠬᠤᠮ ᠳᠠᠭᠤᠰᠬᠠᠵᠦ᠂ ᠲᠤᠷᠰᠢᠨ ᠠᠰᠢᠭᠯᠠᠯᠲᠡ ᠳᠤ

ᠤᠷᠤᠭᠤᠯᠪᠡ᠃

      6. 23 ᠴᠢᠯᠦᠭᠡᠲᠦ ᠠᠶᠠᠯᠡᠯ ᠤᠨ ᠪᠠᠭᠤᠴᠡ᠂ 10 ᠵᠠᠮ ᠳᠠᠭᠠᠤ ᠵᠤᠭᠠᠴᠠᠬᠤ ᠦᠷᠲᠡᠭᠡ᠂ 100

ᠵᠢᠭᠤᠯᠴᠢᠯᠠᠯ ᠤᠨ ᠵᠤᠷᠯᠦᠩ᠂ 3 ᠵᠤᠷᠪᠤᠰ ᠵᠢᠭᠤᠯᠴᠢᠯᠠᠯ ᠤ ᠵᠠᠰᠠᠮᠠᠯ ᠵᠠᠮ ᠵᠡᠷᠭᠡ ᠨᠢᠭᠡ ᠪᠦᠯᠦᠭ ᠰᠠᠭᠤᠷᠢ

ᠲᠦᠭᠦᠭᠡᠷᠦᠮᠵᠢ ᠶᠢᠨ ᠪᠠᠶᠢᠭᠤᠯᠤᠯᠲᠡ ᠶᠢ ᠪᠡᠶᠡᠯᠡᠭᠦᠯᠪᠡ᠃ ᠵᠢᠮᠢᠰᠲᠠᠢ᠂ ᠬᠤᠩᠭᠤᠷ ᠤᠪᠤᠭ᠎ᠠ᠂ ᠪᠠᠢ ᠯᠢᠩ ᠨᠠᠭᠠᠳᠤᠮ

ᠰᠤᠶᠤᠯ ᠤᠨ ᠲᠤᠭᠤᠷᠢᠭ᠂ ᠰᠢᠷᠠᠮᠦ᠋ᠷᠡᠨ ᠲᠡᠯ᠎ᠡ ᠨᠤᠲᠤᠭ ᠤᠨ ᠵᠢᠭᠤᠯᠴᠢᠯᠠᠯ ᠤᠨ ᠤᠷᠤᠨ ᠵᠠᠷᠭᠡ ᠨᠢᠭᠡ ᠪᠦᠯᠦᠭ

ᠦᠵᠡᠮᠵᠢ ᠶᠢᠨ ᠤᠷᠤᠨ ᠤ ᠲᠡᠰ ᠲᠡᠪᠰᠢᠭᠦᠯᠬᠦ ᠢᠨᠵᠧᠨᠧᠷᠢᠩ ᠢ ᠪᠡᠶᠡᠯᠡᠭᠦᠯᠪᠡ᠃ ᠵᠢᠮᠢᠰᠲᠠᠢ ᠤᠯᠠᠨ ᠤᠯᠤᠰ ᠤᠨ

ᠪᠠᠭᠤᠳᠠᠯ᠂ ᠬᠠᠰᠡᠷ ᠶᠡᠭᠡ ᠪᠠᠭᠤᠲᠡᠯ ᠵᠠᠷᠭᠡ ᠨᠢᠭᠡ ᠪᠦᠯᠦᠭ ᠤᠳᠤᠨ ᠪᠠᠭᠤᠳᠠᠯ ᠢ ᠪᠠᠶᠢᠭᠤᠯᠵᠦ᠂ ᠪᠦᠬᠦᠶᠢᠯᠡ ᠤᠷᠤᠨ

ᠪᠦᠰᠡ ᠶᠢᠨ ᠵᠢᠭᠤᠯᠴᠢᠯᠠᠯ ᠢ ᠴᠤᠭᠴᠠᠯᠠᠨ ᠬᠦᠭᠵᠢᠭᠦᠯᠬᠦ ᠳᠤ ᠰᠠᠭᠤᠷᠢ ᠲᠦᠭᠦᠭᠡᠷᠦᠮᠵᠢ ᠶᠢᠨ ᠪᠠᠲᠤᠯᠠᠭ᠎ᠠ ᠬᠠᠩᠭᠠᠪᠡ᠃

      7. 2017 ᠤᠨ ᠤ 6 ᠰᠠᠷ᠎ᠡ ᠳᠤ᠂ ᠤᠯᠤᠰ ᠤᠨ ᠲᠡᠰ ᠤᠨ ᠪᠦᠬᠦᠶᠢᠯᠡ ᠤᠷᠤᠨ ᠪᠦᠰᠡ ᠶᠢᠨ

ᠵᠢᠭᠤᠯᠴᠢᠯᠠᠯ ᠤᠨ ᠵᠢᠱᠢᠶᠠᠴᠢ ᠤᠷᠤᠨ ᠢ ᠪᠦᠲᠦᠭᠡᠨ ᠪᠠᠶᠢᠭᠤᠯᠬᠤ ᠠᠵᠢᠯ ᠤᠨ ᠱᠠᠭᠠᠷᠳᠠᠯᠭ᠎ᠠ ᠪᠠᠷ᠂ ᠪᠦᠲᠦᠭᠡᠨ

ᠪᠠᠶᠢᠭᠤᠯᠬᠤ ᠠᠵᠢᠯ ᠤᠨ ᠦᠪᠡᠷ ᠪᠡᠶ᠎ᠡ ᠶᠢᠨ ᠪᠠᠶᠢᠴᠠᠭᠠᠯᠲᠡ ᠶᠢᠨ ᠮᠡᠳᠡᠭᠦᠯᠦᠯᠲᠡ ᠲᠤᠭᠤᠷᠪᠢᠵᠦ᠂ ᠦᠪᠡᠷᠲᠡᠭᠡᠨ

ᠵᠠᠰᠠᠬᠤ ᠤᠷᠤᠨ ᠤ ᠵᠢᠭᠤᠯᠴᠢᠯᠠᠯ ᠬᠦᠭᠵᠢᠯᠲᠡ ᠶᠢᠨ ᠵᠦᠪᠯᠡᠯ ᠳᠤ ᠲᠡᠪᠰᠢᠭᠦᠯᠵᠦ᠂ ᠬᠢᠨᠠᠨ ᠵᠦᠪᠰᠢᠶᠠᠷᠠᠬᠦ ᠶᠢ

ᠬᠦᠯᠢᠶᠡᠵᠦ ᠪᠠᠶᠢᠨ᠎ᠡ᠃

      ᠬᠦᠲᠦᠯᠦᠭᠴᠢ᠄ ᠲᠠᠷᠠᠭᠠᠴᠢ ᠪᠠᠷ᠂ ᠮᠠᠨ ᠤ ᠬᠤᠰᠢᠭᠤ A ᠲᠡᠰ ᠤᠨ ᠦᠵᠡᠮᠵᠢ ᠶᠢᠨ ᠤᠷᠤᠨ‌ᠢ ᠴᠤᠭᠴᠠᠯᠠᠬᠤ

ᠪᠡ ᠵᠢᠭᠤᠯᠴᠢᠯᠠᠯ ᠤᠨ ᠪᠦᠲᠦᠭᠳᠡᠭᠦᠨ ᠢ ᠬᠦᠭᠵᠢᠭᠦᠯᠬᠦ ᠲᠡᠯ᠎ᠡ ᠪᠠᠷ ᠶᠠᠮᠠᠷ ᠰᠢᠨ᠎ᠡ ᠠᠷᠭ᠎ᠠ ᠬᠡᠮᠵᠢᠶ᠎ᠡ ᠠᠪᠬᠤ ᠬᠡᠵᠦ ᠪᠤᠢ︖

      ᠰᠦᠨ ᠹᠦ᠋ ᠱᠠᠨ᠄ ᠮᠡᠨ ᠤ ᠬᠤᠰᠢᠭᠤ ᠵᠢᠭᠤᠯᠴᠢᠯᠠᠯ ᠤᠨ ᠤᠷᠴᠢᠨ ᠢᠶᠠᠨ ᠦᠷᠭᠦᠯᠵᠢᠭᠦᠯᠦᠨ

ᠰᠢᠯᠢᠳᠡᠭᠵᠢᠭᠦᠯᠵᠦ᠂ A ᠲᠡᠰ ᠤᠨ ᠦᠵᠡᠮᠵᠢ ᠶᠢᠨ ᠤᠷᠤᠨ ᠤ ᠪᠦᠲᠦᠭᠡᠨ ᠪᠠᠶᠢᠭᠤᠯᠤᠯᠲᠡ ᠢ ᠠᠬᠢᠭᠤᠯᠵᠦ᠂ ᠦᠵᠡᠮᠵᠢ

 ᠶᠢᠨ ᠤᠷᠤᠨ ᠤ ᠲᠡᠰ ᠲᠡᠪᠰᠢᠭᠦᠯᠬᠦ ᠶᠢ ᠢᠳᠡᠪᠬᠢᠯᠡᠨ ᠠᠬᠢᠭᠤᠯᠤᠨ᠎ᠡ᠃ ᠤᠳᠤ ᠪᠤᠯᠲᠡᠯ᠎ᠡ᠂ ᠨᠡᠶᠢᠲᠡ 3A ᠲᠡᠰ ᠤᠨ

ᠦᠵᠡᠮᠵᠢ ᠶᠢᠨ ᠤᠷᠤᠨ 3᠂ 2A ᠲᠡᠰ ᠤᠨ ᠦᠵᠡᠮᠵᠢ ᠶᠢᠨ ᠤᠷᠤᠨ 5 ᠢ ᠪᠠᠶᠢᠭᠤᠯᠪᠡ᠃ ᠪᠠᠢ ᠯᠢᠩ ᠨᠠᠭᠠᠳᠤᠮ

ᠰᠤᠶᠤᠯ ᠤᠨ ᠠᠵᠦ ᠦᠢᠯᠡᠰ ᠤᠨ ᠲᠤᠭᠤᠷᠢᠭ᠂ ᠵᠢᠮᠢᠰᠲᠠᠢ ᠦᠵᠡᠮᠵᠢ ᠶᠢᠨ ᠤᠷᠤᠨ ᠦᠨᠦ ᠵᠢᠯ 4A ᠲᠡᠰ ᠤᠨ

ᠦᠵᠡᠮᠵᠢ ᠶᠢᠨ ᠤᠷᠤᠨ ᠪᠤᠯᠬᠤ ᠪᠠᠷ ᠬᠦᠴᠦᠯᠡᠨ ᠴᠢᠷᠮᠠᠶᠢᠵᠦ ᠪᠠᠶᠢᠨ᠎ᠡ᠃

      ᠵᠢᠭᠤᠯᠴᠢᠯᠠᠯ ᠤᠨ ᠪᠦᠲᠦᠭᠳᠡᠭᠦᠨ ᠬᠦᠭᠵᠢᠭᠦᠯᠬᠦ ᠲᠠᠯ᠎ᠡ ᠪᠠᠷ᠂ ᠤᠨᠴᠠᠯᠢᠭᠲᠦ ᠵᠢᠭᠤᠯᠴᠢᠯᠠᠯ ᠤᠨ ᠡᠬᠢ ᠪᠠᠶᠠᠯᠢᠭ

 ᠢ ᠡᠷᠢᠯᠬᠢᠯᠠᠵᠦ᠂ ︽ᠵᠢᠭᠤᠯᠴᠢᠯᠠᠯ +︾ ᠪᠠᠶᠢᠯᠲᠤᠬᠤ ᠪᠤᠲᠤᠯᠭ᠎ᠠ ᠢ ᠪᠦᠬᠦ ᠲᠡᠯ᠎ᠡ ᠪᠠᠷ ᠬᠡᠷᠡᠭᠵᠢᠭᠦᠯᠵᠦ᠂ ᠵᠢᠭᠤᠯᠴᠢᠯᠠᠯ ᠤᠨ

ᠰᠢᠨ᠎ᠡ ᠪᠦᠲᠦᠭᠳᠡᠭᠦᠨ ᠢ ᠬᠦᠴᠦᠯᠡᠨ ᠬᠦᠭᠵᠢᠭᠦᠯᠦᠨ᠎ᠡ᠃

      ᠨᠢᠬᠡ᠂ ᠬᠤᠪᠢᠰᠬᠠᠯ ᠤᠨ ᠵᠢᠭᠤᠯᠴᠢᠯᠠᠯ ᠢ ᠬᠦᠭᠵᠢᠭᠦᠯᠦᠨ᠎ᠡ᠃ ᠪᠠᠲᠤᠬᠠᠭᠠᠯᠭ᠎ᠠ ᠶᠢᠨ ᠵᠠᠪᠰᠡᠭᠲᠦ ᠪᠤᠰᠤᠯᠭ᠎ᠠ

 ᠶᠢᠨ ᠬᠠᠭᠤᠴᠢᠨ ᠪᠠᠭᠤᠷᠢ᠂ ᠡᠮᠦᠨ᠎ᠡ ᠠᠭᠤᠯᠡᠨ ᠬᠢᠷ᠎ᠡ ᠶᠢᠨ ᠠᠭᠠᠷ ᠤᠨ ᠰᠡᠷᠭᠡᠶᠢᠯᠠᠯᠲᠡ ᠶᠢᠨ ᠨᠦᠭᠡ᠂ ᠲᠡᠯ᠎ᠡ ᠨᠤᠲᠤᠭ

 ᠤᠨ ᠪᠠᠭᠠᠲᠦᠷ ᠡᠭᠡᠴᠢ ᠦᠬᠢᠨ ᠲᠡᠭᠦᠦ ᠶᠢᠨ ᠬᠠᠭᠤᠴᠢᠨ ᠰᠠᠭᠤᠴᠡ ᠵᠠᠷᠭᠡ ᠵᠢᠭᠤᠯᠴᠢᠯᠠᠯ ‍ᠤᠨ‌ᠡᠬᠢ ᠪᠠᠶᠠᠯᠢᠭ ᠤᠨ

ᠲᠠᠪᠠᠭᠤᠯᠢᠭ ᠳᠤ ᠲᠦᠰᠢᠭᠯᠡᠨ᠂ ᠪᠤᠭᠤᠲᠦ ᠬᠤᠲᠡ ᠶᠢᠨ ᠳᠠᠯᠠᠨ ᠬᠠᠷ᠎ᠡ ᠠᠭᠤᠯᠠᠨ ᠤ ᠤᠮᠡᠷ᠎ᠡ ᠪᠡᠶ᠎ᠡ ᠶᠢᠨ ᠬᠤᠪᠢᠰᠬᠠᠯ

 ᠤᠨ ᠵᠢᠭᠤᠯᠴᠢᠯᠠᠯ ᠤᠨ ᠰᠤᠳᠤᠨ‌ᠵᠠᠮ ᠱᠤᠭᠤᠮ ᠢ ᠪᠠᠶᠢᠭᠤᠯᠤᠨ᠎ᠡ᠃

       ᠬᠤᠶᠠᠷ᠂ ᠨᠡᠭᠦᠳᠡᠯ ᠰᠤᠶᠤᠯ ᠤᠨ ᠵᠤᠭᠠᠴᠡᠯ ᠢ ᠬᠦᠭᠵᠢᠭᠦᠯᠦᠨ᠎ᠡ᠃ ︽ᠵᠢᠭᠤᠯᠴᠢᠯᠠᠯ + ᠰᠤᠶᠤᠯ︾

ᠪᠠᠶᠢᠯᠳᠤᠬᠤ ᠪᠤᠳᠤᠯᠭ᠎ᠠ ᠶᠢ ᠬᠡᠷᠡᠭᠵᠢᠭᠦᠯᠵᠦ᠂ ᠰᠤᠶᠤᠯ ᠵᠢᠭᠤᠯᠴᠢᠯᠠᠯ ᠤᠨ ᠭᠦᠨᠵᠡᠭᠡᠢ ᠠᠭᠤᠰᠤᠯᠴᠡᠯ ᠢ ᠠᠬᠢᠭᠤᠯᠵᠦ᠂

ᠳᠤᠮᠳᠠᠳᠤ ᠤᠯᠤᠰ ᠤᠨ ᠨᠡᠭᠦᠲᠡᠯ ᠰᠤᠶᠤᠯ ᠤᠨ ᠵᠤᠭᠠᠴᠠᠯ ᠤᠨ ᠨᠠᠶᠢᠷ ᠢ ᠰᠠᠶᠢᠳᠦᠷ ᠡᠷᠬᠢᠯᠡᠵᠦ᠂ ︽ᠲᠦᠮᠡᠨ ᠭᠠᠵᠠᠷ

 ᠤᠨ ᠲᠡᠮᠡᠭᠡᠨ ᠵᠢᠩ ︵ᠴᠠᠢ ᠶᠢᠨ ᠵᠡᠮ︶︾ ‍ᠤᠨ‌ᠠᠶᠠᠯᠡᠯ᠂ ᠴᠢᠯᠦᠭᠡᠲᠦ ᠠᠶᠠᠯᠡᠯ᠂ ᠲᠡᠭᠷᠢ ᠨᠠᠭᠤᠷ ᠤᠨ ᠤᠯᠠᠭᠠᠨ ᠰᠠᠶᠢᠷ ᠤᠨ

ᠭᠡᠷᠡᠯ ᠵᠢᠷᠤᠭ ᠤᠨ ᠨᠠᠶᠢᠷ ᠵᠡᠷᠭᠡ ᠵᠢᠭᠤᠯᠴᠢᠯᠠᠯ ᠤᠨ ᠬᠦᠳᠡᠯᠭᠡᠭᠡᠨ ᠢ ᠶᠠᠪᠤᠭᠳᠠᠭᠤᠯᠵᠦ᠂ ᠲᠠᠷᠬᠠᠨ ᠮᠤᠤᠮᠢᠩᠭᠠᠨ ᠤ ᠨᠡᠷ᠎ᠡ

ᠠᠯᠲᠡᠷᠰᠢᠯ ᠪᠡ ᠨᠦᠯᠦᠭᠡᠯᠡᠬᠦ ᠬᠦᠴᠦᠨ ᠢ ᠤᠯᠡᠮ ᠨᠢᠭᠡ ᠠᠯᠬᠤᠮ ᠨᠡᠮᠡᠭᠲᠡᠭᠦᠯᠦᠨ᠎ᠡ᠃

      ᠭᠤᠷᠪᠡ᠂ ᠬᠢᠯᠢ ᠶᠢᠨ ᠵᠢᠴᠢ ᠬᠢᠯᠢ ᠠᠯᠤᠰᠯᠠᠭᠰᠡᠨ ᠵᠢᠭᠤᠯᠴᠢᠯᠠᠯ ᠢ ᠬᠦᠭᠵᠢᠭᠦᠯᠦᠨ᠎ᠡ᠃ ᠦᠪᠡᠷᠲᠡᠭᠡᠨ

ᠵᠠᠰᠠᠬᠤ ᠤᠷᠤᠨ ᠤ ᠬᠢᠯᠢ ᠶᠢᠨ ᠵᠢᠭᠤᠯᠴᠢᠯᠠᠯ ᠤᠨ ᠲᠤᠷᠰᠢᠯᠲᠡ ᠶᠢᠨ ᠤᠷᠤᠨ ᠪᠤᠯᠤᠭᠰᠡᠨ ᠲᠠᠰᠢᠷᠠᠮ ᠢᠶᠠᠷ᠂

ᠮᠠᠨᠳᠤᠯ—ᠬᠠᠩᠬᠢ ᠪᠤᠭᠤᠮᠲᠡ‌ᠡᠴᠠ ᠮᠤᠩᠭᠤᠯ ᠤᠯᠤᠰ ᠤᠨ ᠬᠠᠳᠡᠨᠪᠤᠯᠠᠭ᠂ ᠰᠠᠶᠢᠱᠠᠩᠲᠡ᠂ ᠭᠠᠰᠢᠭᠤᠨᠰᠤᠬᠠᠶᠢᠲᠦ᠂ ᠵᠡᠮ

 ᠤᠨ ᠡᠭᠦᠲᠡ᠂ ᠤᠯᠠᠭᠠᠨᠪᠠᠭᠠᠲᠦᠷ ᠬᠦᠷᠬᠦ 5 ᠵᠤᠷᠪᠤᠰ ᠬᠢᠯᠢ ᠨᠡᠪᠲᠡᠷᠡᠬᠦ ᠵᠢᠭᠤᠯᠴᠢᠯᠠᠯ ᠤᠨ ᠵᠠᠮ ᠱᠣᠭᠤᠮ ᠢ ᠨᠡᠭᠡᠭᠡᠨ

ᠠᠰᠢᠭᠯᠠᠵᠦ᠂ ᠮᠤᠩᠭᠤᠯ ᠤᠨ ᠬᠠᠷᠢᠶᠠᠨ ᠳᠤ ᠵᠢᠭᠤᠯᠴᠢᠯᠠᠯ ᠤᠨ ᠵᠤᠴᠢᠯᠠᠬᠤ ᠭᠠᠵᠠᠷ᠂ ᠵᠢᠭᠤᠯᠴᠢᠯᠠᠯ ᠤᠨ

ᠶᠡᠷᠦᠩᠬᠡᠶᠢᠯᠡᠭᠰᠡᠨ ᠲᠦᠪᠯᠡᠷᠡᠭᠦᠯᠦᠨ ᠲᠠᠷᠬᠠᠭᠠᠬᠤ ᠦᠢᠯᠡᠴᠢᠯᠡᠭᠡᠨ ᠤ ᠲᠦᠪ ᠤᠨ ᠬᠠᠮᠲᠦᠷᠠᠨ ᠪᠠᠶᠢᠭᠤᠯᠬᠤ ᠶᠢ

ᠵᠤᠬᠢᠴᠠᠭᠤᠯᠤᠨ᠎ᠡ᠃

      ᠲᠦᠷᠪᠡ᠂ ᠡᠪᠦᠯ ᠤᠨ ᠤᠯᠠᠷᠢᠯ ᠤᠨ ᠵᠢᠭᠤᠯᠴᠢᠯᠠᠯ ᠢ ᠬᠦᠭᠵᠢᠭᠦᠯᠦᠨ᠎ᠡ᠃ ᠮᠦᠰᠦ ᠴᠠᠰᠦᠨ ᠰᠡᠳᠦᠪᠲᠦ

ᠬᠦᠷᠢᠶᠠᠯᠡᠩ᠂ ᠴᠠᠰᠦᠨ ᠳᠤ ᠭᠤᠯᠭᠤᠬᠤ ᠲᠡᠯᠠᠪᠡᠢ ᠵᠠᠷᠭᠡ ᠵᠢᠭᠤᠯᠴᠢᠯᠡᠯ ᠤᠨ ᠲᠦᠷᠦᠯ ᠵᠦᠢᠯ ᠢ ᠪᠠᠶᠢᠭᠤᠯᠵᠦ᠂ ᠮᠠᠰᠢᠨ

ᠲᠡᠷᠭᠡᠨ ᠤ ᠮᠦᠰᠦᠨ ᠭᠤᠯᠭᠤᠷᠢᠯᠲᠡ᠂ ᠪᠦᠭᠦᠲᠡ ᠤᠯᠠᠨ ᠢᠶᠠᠷ ᠴᠠᠰᠤᠨ ᠳᠤ ᠭᠤᠯᠭᠤᠬᠤ ᠵᠡᠷᠭᠡ ᠵᠢᠭᠤᠯᠴᠢᠯᠠᠯ ᠤᠨ

ᠪᠦᠲᠦᠭᠳᠡᠭᠦᠨ ᠢ ᠨᠡᠭᠡᠭᠡᠨ ᠠᠰᠢᠭᠯᠠᠵᠦ᠂ ᠪᠤᠭᠤᠲᠦ ᠬᠤᠲᠡ ᠶᠢᠨ ᠮᠦᠰᠦ ᠴᠠᠰᠦᠨ ᠵᠢᠭᠤᠯᠴᠢᠯᠠᠯ ᠤᠨ ᠰᠠᠭᠤᠷᠢᠨ

ᠭᠠᠵᠠᠷ ᠢ ᠪᠠᠶᠢᠭᠤᠯᠬᠤ ᠪᠠᠷ ᠬᠦᠴᠦᠯᠡᠨ‌‍ᠴᠢᠷᠮᠠᠶᠢᠨ᠎ᠡ᠃  

      ᠲᠠᠪᠦ᠂ ᠰᠢᠨ᠎ᠡ ᠬᠡᠯᠪᠡᠷᠢ ᠶᠢᠨ ᠵᠢᠭᠤᠯᠴᠢᠯᠠᠯ ᠤᠨ ᠪᠦᠲᠦᠭᠳᠡᠭᠦᠨ ᠢ ᠬᠦᠭᠵᠢᠭᠦᠯᠦᠨ᠎ᠡ᠃ ᠨᠢᠭᠡᠨᠲᠡ

ᠪᠠᠶᠢᠭᠤᠯᠤᠭᠳᠠᠭᠰᠡᠨ ᠲᠠᠷᠠᠬᠨ ᠮᠤᠤᠮᠢᠩᠭᠠᠨ ᠤᠨ ᠨᠡᠶᠢᠲᠡ ᠶᠢᠨ ᠨᠢᠰᠭᠡᠯ ᠤᠨ ᠪᠠᠭᠤᠲᠡᠯ᠂ ᠪᠤᠭᠤᠲᠦ ᠠᠴᠠ ᠮᠠᠨᠳᠤᠯ

ᠬᠦᠷᠬᠦ ᠲᠡᠮᠦᠷ ᠵᠠᠮ ᠤᠨ ᠭᠤᠷᠪᠠᠳᠤᠬᠢ ᠬᠤᠭᠤᠴᠠᠭᠠᠨ ᠤ ᠢᠨᠵᠧᠨᠧᠷᠢᠩ ᠳᠤ ᠲᠦᠰᠢᠭᠯᠡᠨ ᠳᠤᠤᠷ᠎ᠡ ᠠᠭᠠᠷ ᠤᠨ

ᠨᠢᠰᠦᠯᠭᠡ ᠶᠢᠨ ᠵᠢᠭᠤᠯᠴᠢᠯᠠᠯ ᠢ ᠢᠳᠡᠪᠬᠢᠯᠡᠨ ᠬᠦᠭᠵᠢᠭᠦᠯᠵᠦ᠂ ᠲᠡᠮᠦᠷ ᠵᠠᠮ ᠤᠨ ᠵᠢᠭᠤᠯᠴᠢᠯᠠᠯ ᠤᠨ ᠲᠤᠰᠬᠠᠢ ᠭᠠᠯᠲᠦ

ᠲᠡᠷᠭᠡ ᠶᠢ ᠨᠡᠪᠲᠡᠷᠡᠭᠦᠯᠦᠨ᠎ᠡ᠃

 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号