ᠬᠤᠲᠡ ᠬᠦᠲᠡᠭᠡ ᠶᠢᠨ ᠨᠡᠶᠢᠭᠡᠮ ᠤᠨ ᠲᠤᠰᠠᠯᠠᠮᠵᠢ ᠶᠢᠨ ᠠᠵᠢᠯ ᠢ ᠡᠷᠴᠢᠮᠵᠢᠭᠦᠯᠵᠦ᠂ ᠶᠡᠳᠠᠭᠤ ᠬᠦᠴᠢᠷᠲᠡᠯᠲᠠᠢ ᠠᠷᠠᠳ ᠤᠯᠠᠨ ᠤ ᠦᠨᠳᠦᠰᠦᠨ ᠠᠮᠢᠳᠤᠷᠠᠯ ᠢ ᠪᠠᠲᠤᠯᠠᠨ᠎ᠡ
ᠨᠡᠶᠢᠲᠡᠯᠡᠭᠰᠡᠨ ᠴᠠᠭ᠄
2018-04-16

     

      ᠰᠤᠷᠪᠤᠯᠵᠢᠯᠠᠭ᠎ᠠ ᠶᠢᠨ ᠭᠤᠤᠯ ᠰᠡᠳᠤᠪ᠄ ᠬᠤᠲᠡ ᠬᠦᠲᠡᠭᠡ ᠶᠢᠨ ᠨᠡᠶᠢᠭᠡᠮ ᠤᠨ ᠲᠤᠰᠠᠯᠠᠮᠵᠢ ᠶᠢᠨ ᠠᠵᠢᠯ ᠢ

ᠡᠷᠴᠢᠮᠵᠢᠭᠦᠯᠵᠦ᠂ ᠶᠡᠳᠠᠭᠤ ᠬᠦᠴᠢᠷᠲᠡᠯᠲᠠᠢ ᠠᠷᠠᠳ ᠤᠯᠠᠨ ᠤ ᠦᠨᠳᠦᠰᠦᠨ ᠠᠮᠢᠳᠤᠷᠠᠯ ᠢ ᠪᠠᠲᠤᠯᠠᠨ᠎ᠡ

      ᠰᠤᠷᠪᠤᠯᠵᠢᠯᠠᠭ᠎ᠠ ᠶᠢᠨ ᠬᠦᠨᠳᠦᠳᠦ ᠵᠤᠴᠢᠨ᠄ ᠠᠷᠡᠳ ᠤᠨ ᠶᠠᠪᠤᠲᠡᠯ ᠤᠨ ᠲᠤᠪᠴᠢᠶᠠᠨ ᠤ ᠲᠠᠷᠤᠭ᠎ᠠ ᠯᠢ ᠸᠧᠢ

      ᠰᠤᠷᠪᠤᠯᠵᠢᠯᠠᠭ᠎ᠠ ᠶᠢᠨ ᠴᠠᠭ ᠬᠤᠭᠤᠴᠠᠭ᠎ᠠ᠄ 2017 ᠤᠨ ᠤ 8 ᠰᠠᠷ᠎ᠡ ᠶᠢᠨ 31 ᠤ ᠡᠳᠦᠷ

      ᠬᠦᠲᠦᠯᠦᠭᠴᠢ᠄ ᠦᠨᠦ ᠵᠢᠯ᠂ ᠮᠠᠨ ᠤ ᠬᠤᠰᠢᠭᠤ ᠭᠠᠮᠰᠢᠭ ᠠᠴᠠ ᠠᠪᠤᠷᠠᠬᠤ ᠲᠡᠯ᠎ᠡ ᠪᠠᠷ ᠶᠠᠮᠠᠷ ᠪᠤᠲᠠᠲᠦ

ᠠᠵᠢᠯ ᠬᠢᠭᠰᠡᠨ ᠪᠤᠢ︖

       ᠯᠢ ᠸᠧᠢ᠄ ᠮᠠᠨ ᠤ ᠬᠤᠰᠢᠭᠤ ᠭᠠᠮᠰᠢᠭ ᠤᠨ ᠠᠪᠤᠷᠠᠯᠲᠡ ᠶᠢᠨ ᠰᠢᠰᠲ᠋ᠧᠮ ᠢ ᠲᠡᠭᠦᠯᠲᠡᠷᠵᠢᠭᠦᠯᠵᠦ᠂ ᠪᠠᠴᠢᠮ

ᠪᠠᠶᠢᠲᠡᠯ ᠢ ᠠᠷᠭᠠᠴᠠᠬᠤ ᠬᠢᠷᠢ ᠲᠦᠪᠰᠢᠨ ᠢᠯᠡᠳᠲᠡ ᠲᠡᠭᠡᠭᠰᠢᠯᠡᠪᠡ᠃ ᠨᠢᠭᠡ ᠳᠤ᠂ ᠬᠤᠰᠢᠭᠤ ᠲᠠᠷᠤᠭ᠎ᠠ ᠪᠠᠷ

ᠲᠤᠭᠤᠶᠢᠯᠠᠩ ᠤᠨ ᠳᠠᠷᠤᠭ᠎ᠠ ᠪᠤᠯᠭᠠᠨ᠂ ᠬᠠᠮᠢᠶ᠎ᠠ ᠪᠦᠭᠦᠢ ᠰᠠᠯᠠᠭ᠎ᠠ ᠮᠦᠴᠢᠷ ᠤᠨ ᠬᠠᠷᠢᠭᠤᠴᠠᠯᠭᠠᠲᠡᠳ ᠭᠡᠰᠢᠭᠦᠨ

ᠪᠤᠯᠤᠭᠰᠡᠨ ᠬᠤᠲᠡ ᠬᠦᠲᠡᠭᠡ ᠶᠢᠨ ᠶᠡᠳᠠᠭᠤ ᠬᠦᠴᠢᠷᠲᠡᠯᠲᠠᠢ ᠠᠷᠡᠳ ᠤᠯᠡᠨ ᠤ ᠦᠨᠳᠦᠰᠦᠨ ᠠᠮᠢᠲᠦᠷᠡᠯ ᠢ

ᠪᠠᠲᠤᠯᠠᠬᠤ ᠤᠳᠤᠷᠢᠳᠬᠤ ᠲᠤᠭᠤᠶᠢᠯᠠᠩ ᠪᠠᠶᠢᠭᠤᠯᠵᠦ᠂ ᠡᠯ᠎ᠡ ᠰᠠᠯᠠᠭ᠎ᠠ ᠮᠦᠴᠢᠷ ᠤᠨ ᠡᠭᠦᠷᠭᠡ ᠬᠠᠷᠢᠭᠤᠴᠠᠯᠭ᠎ᠠ ᠪᠠᠨ

ᠲᠤᠳᠤᠷᠬᠠᠶᠢᠯᠠᠵᠦ᠂ ᠵᠠᠰᠠᠭ ᠤᠨ ᠤᠷᠳᠤᠨ ᠠᠴᠠ ᠭᠤᠤᠯ ᠠᠳᠬᠤᠵᠦ᠂ ᠠᠷᠡᠳ ᠤᠨ ᠶᠡᠪᠤᠲᠡᠯ ᠤᠨ ᠰᠠᠯᠠᠭ᠎ᠠ ᠮᠦᠴᠢᠷ

ᠲᠤᠯᠤᠭᠠᠶᠢᠯᠠᠭᠤᠯᠵᠦ᠂ ᠬᠠᠮᠢᠶ᠎ᠡ ᠪᠦᠭᠦᠢ ᠰᠠᠯᠠᠭ᠎ᠠ ᠮᠦᠴᠢᠷ ᠵᠤᠬᠢᠴᠠᠩᠭᠤᠢ ᠬᠠᠮᠲᠦᠷᠠᠯᠴᠡᠨ᠂ ᠨᠡᠶᠢᠭᠡᠮ ᠨᠡᠶᠢᠲᠡ ᠪᠠᠷ

ᠬᠠᠮᠲᠦ ᠬᠦᠲᠡᠯᠦᠯᠴᠡᠵᠦ᠂ ᠪᠦᠬᠦ ᠬᠤᠰᠢᠭᠤᠨ ᠤ ᠬᠤᠲᠡ ᠬᠦᠲᠡᠭᠡ ᠶᠢᠨ ᠶᠠᠲᠠᠭᠤ ᠬᠦᠴᠢᠷᠲᠡᠯᠲᠠᠢ ᠠᠷᠡᠳ ᠤᠯᠠᠨ ᠤ

ᠦᠨᠳᠦᠰᠦᠨ ᠠᠮᠢᠲᠤᠷᠠᠯ ᠢ ᠨᠢᠭᠡᠲᠦᠯᠲᠠᠢ ᠵᠤᠬᠢᠴᠠᠭᠤᠯᠦᠨ ᠪᠠᠲᠤᠯᠠᠪᠡ᠃ ︽ᠨᠢᠭᠡ ᠠᠯᠪᠡᠨ ᠭᠤᠷᠪᠠᠨ ᠲᠦᠪ︾ ︵ᠠᠷᠠᠳ

 ᠲᠤ ᠲᠦᠭᠦᠮ ᠦᠢᠯᠡᠴᠢᠯᠡᠭᠡᠨ ᠤ ᠦᠷᠲᠡᠭᠡ︶ ᠳᠤ ᠲᠦᠰᠢᠭᠯᠡᠨ᠂ ᠨᠡᠶᠢᠭᠡᠮ ᠤᠨ ᠲᠤᠰᠠᠯᠠᠮᠵᠢ ᠶᠢᠨ ᠬᠦᠲᠡᠯᠭᠡᠭᠡᠨ ᠢ

ᠵᠤᠬᠢᠶᠠᠨ ᠪᠠᠶᠢᠭᠤᠯᠦᠨ ᠦᠷᠨᠢᠭᠦᠯᠵᠦ᠂ ᠨᠡᠶᠢᠭᠡᠮ ᠤᠨ ᠲᠤᠰᠠᠯᠡᠮᠵᠢ ᠶᠢᠨ ᠲᠤᠤᠷ ᠰᠦᠯᠵᠢᠶ᠎ᠡ ᠶᠢ ᠲᠡᠭᠦᠯᠲᠡᠷᠵᠢᠭᠦᠯᠪᠡ᠃

ᠪᠦᠬᠦ ᠬᠤᠰᠢᠭᠤᠨ ᠤ ᠡᠯ᠎ᠡ ᠰᠤᠮᠦ ᠰᠢᠶᠠᠩ ᠪᠠᠯᠭᠠᠰᠤᠨ ᠤ ᠭᠠᠴᠠᠭᠠᠨ ᠳᠤ ᠲᠤᠮᠢᠯᠠᠭᠳᠠᠭᠰᠡᠨ ᠺᠠᠳ᠋ᠷ ᠨᠦᠭᠦᠳ ᠢ

ᠠᠷᠡᠳ ᠤᠨ ᠶᠡᠪᠤᠳᠡᠯ ᠤᠨ ᠲᠤᠰᠠᠯᠡᠮᠵᠢ ᠶᠢᠨ ᠰᠢᠰᠲ᠋ᠧᠮ ᠳᠤ ᠤᠷᠤᠭᠤᠯᠵᠦ᠂ ᠨᠡᠶᠢᠭᠡᠮ ᠤᠨ ᠲᠤᠰᠠᠯᠠᠮᠵᠢ ᠶᠢᠨ

ᠬᠠᠷᠢᠭᠤᠴᠠᠯᠭ᠎ᠠ ᠪᠠᠨ ᠡᠭᠦᠷᠭᠡᠯᠡᠵᠦ᠂ ᠪᠦᠬᠦ ᠲᠡᠯ᠎ᠡ ᠶᠢ ᠬᠠᠮᠦᠷᠠᠭᠰᠡᠨ ᠲᠤᠰᠠᠯᠠᠮᠵᠢ ᠶᠢᠨ ᠲᠤᠤᠷ ᠰᠦᠯᠵᠢᠶ᠎ᠡ ᠶᠢ

ᠪᠦᠷᠢᠯᠳᠦᠭᠦᠯᠵᠦ᠂ ᠨᠡᠶᠢᠭᠡᠮ ᠤᠨ ᠲᠤᠰᠠᠯᠠᠮᠵᠢ ᠶᠢᠨ ᠠᠵᠢᠯ ᠢ ᠨᠡᠩ ᠦᠳᠲᠡᠷ ᠪᠦᠭᠡᠳ ᠤᠨᠤᠪᠴᠢᠲᠠᠢ ᠪᠤᠯᠭᠠᠪᠡ᠃

ᠬᠤᠶᠠᠷ ᠲᠤ᠂ ᠭᠠᠮᠰᠢᠭ ᠠᠴᠠ ᠠᠪᠤᠷᠠᠬᠤ ᠡᠳ᠋ ᠪᠤᠳᠠᠰ ᠤᠨ ᠨᠦᠭᠡᠴᠡᠯᠡᠬᠦ ᠠᠵᠢᠯ ᠢ ᠰᠠᠶᠢᠳᠦᠷ ᠬᠢᠵᠦ᠂ ᠵᠢᠯ ᠤᠨ ᠡᠬᠢᠨ

 ᠳᠤ 3000 ᠢᠵᠢ ᠬᠤᠪᠴᠡᠰᠦ ᠬᠤᠨᠠᠷ᠂1000 ᠢᠵᠢ ᠤᠷᠤ ᠲᠡᠪᠢᠰᠭᠡᠷ᠂ 50 ᠮᠠᠶᠢᠬᠠᠨ᠂ 80 ᠢᠰᠡᠭᠡᠢ ᠭᠡᠷ᠂

100 ᠲᠤᠨ ᠭᠤᠯᠢᠷ ᠵᠠᠷᠭᠡ ᠡᠳ᠋ ᠪᠤᠳᠠᠰ ᠨᠦᠬᠡᠴᠡᠯᠡᠪᠡ᠃ ᠭᠤᠷᠪᠡ ᠳᠤ᠂ 274.18 ᠲᠦᠮᠡᠨ ᠲᠦᠭᠦᠷᠢᠭ ᠤᠨ

ᠭᠠᠮᠰᠢᠭ ᠠᠴᠠ ᠠᠪᠤᠷᠠᠬᠤ ᠮᠦᠩᠬᠦ ᠵᠠᠷᠤᠴᠠᠭᠤᠯᠵᠦ᠂ ᠭᠠᠮᠰᠢᠭ ᠲᠤ ᠲᠠᠭᠠᠷᠢᠭᠳᠠᠭᠰᠡᠨ ᠠᠷᠡᠳ ᠤᠯᠡᠨ ᠤ ᠦᠨᠳᠦᠰᠦᠨ

ᠠᠮᠢᠲᠤᠷᠠᠯ ᠳᠤ ᠨᠢ ᠪᠠᠲᠤᠯᠠᠭ᠎ᠠ ᠤᠯᠭᠤᠵᠦ᠂ ᠭᠠᠮᠰᠢᠭᠳᠠᠭᠰᠡᠨ ᠤᠷᠤᠨ ᠤ ᠨᠡᠶᠢᠭᠡᠮ ᠤᠨ ᠲᠤᠭᠳᠠᠭᠤᠨ ᠢ ᠪᠠᠲᠤᠯᠠᠪᠡ᠃

ᠴᠠᠭᠠᠨ ᠰᠠᠷ᠎ᠡ ᠠᠴᠠ ᠡᠮᠦᠨ᠎ᠡ᠂ ᠭᠠᠮᠰᠢᠭᠳᠠᠭᠰᠡᠨ ᠤᠨᠴᠡ ᠬᠦᠴᠢᠷᠲᠡᠯᠲᠠᠢ ᠡᠷᠦᠭᠡ᠂ ᠲᠠᠪᠤᠨ ᠪᠠᠲᠤᠯᠠᠭ᠎ᠠ ᠶᠢᠨ ᠡᠷᠦᠭᠡ᠂

ᠨᠠᠭᠠᠲᠦ ᠵᠠᠬ᠎ᠠ ᠶᠢᠨ ᠪᠠᠲᠤᠯᠠᠭ᠎ᠠ ᠲᠠᠢ ᠡᠷᠦᠭᠡ᠂ ᠤᠨᠴᠡ ᠬᠠᠯᠠᠮᠵᠢᠯᠬᠤ ᠡᠲᠡᠭᠡᠳ ᠵᠠᠷᠭᠡ ᠬᠦᠮᠦᠰ ᠢ ᠲᠤᠬᠤᠨᠢᠭᠤᠯᠬᠤ

ᠠᠵᠢᠯᠯᠠᠭ᠎ᠠ ᠦᠷᠨᠢᠭᠦᠯᠵᠦ᠂ ᠲᠤᠬᠤᠨᠢᠭᠤᠯᠭ᠎ᠠ ᠶᠢᠨ ᠮᠦᠩᠬᠦ 136 ᠲᠦᠮᠡᠨ ᠲᠦᠭᠦᠷᠢᠭ ᠬᠡᠷᠡᠭᠰᠡᠪᠡ᠃ ᠲᠦᠷᠪᠡ ᠳᠤ᠂

ᠨᠦᠬᠡᠴᠡᠯ ᠬᠦᠮᠦᠷᠭᠡᠯᠭᠡ ᠶᠢᠨ ᠢᠵᠢ ᠲᠦᠭᠦᠭᠡᠷᠦᠮᠵᠢ ᠢ ᠴᠢᠩᠭᠠᠷᠠᠭᠤᠯᠵᠦ᠂ ᠭᠠᠯ ᠰᠡᠷᠭᠡᠶᠢᠯᠡᠬᠦ ᠲᠤᠨᠤᠭ ᠲᠦᠭᠦᠭᠡᠷᠦᠮᠵᠢ

ᠤᠭᠰᠠᠷᠠᠵᠦ᠂ ᠨᠦᠭᠡᠴᠡ ᠪᠤᠳᠠᠰ ᠤᠨ ᠲᠠᠯᠪᠢᠭᠤᠷ ᠵᠢᠶᠠᠰᠡ ᠪᠤᠰᠬᠠᠪᠡ᠃ ᠠᠮᠦᠷ ᠲᠦᠪᠰᠢᠨ ᠰᠡᠷᠡᠮᠵᠢᠯᠡᠯ ᠤ ᠲᠡᠮᠲᠡᠭ

ᠢᠯᠡᠷᠬᠡᠶᠢᠯᠡᠯ ᠲᠠᠭᠠᠷᠠᠭᠤᠯᠵᠦ᠂ ᠤᠰᠦ ᠭᠠᠯ᠂ ᠴᠢᠭᠢᠭ ᠬᠤᠯᠤᠭᠠᠨ᠎ᠡ᠂ ᠠᠶᠤᠩᠭ᠎ᠠ ᠨᠢᠵᠢᠭᠡᠨ ᠵᠡᠷᠭᠡ ᠶᠢ ᠰᠡᠷᠭᠡᠶᠢᠯᠡᠬᠦ

ᠠᠵᠢᠯ ᠢ ᠰᠠᠶᠢᠳᠦᠷ ᠬᠢᠪᠡ᠃ ᠲᠡᠪᠦ ᠳᠤ᠂ ᠭᠠᠮᠰᠢᠭ ᠠᠴᠠ ᠠᠪᠤᠷᠠᠬᠤ ᠠᠵᠢᠯ ᠳᠤ ᠬᠡᠷᠡᠭᠰᠡᠭᠦ ᠲᠡᠷᠭᠡ ᠤᠨᠤᠭ᠎ᠠ ᠪᠡ

ᠳᠠᠭᠠᠭᠤᠯᠢ ᠤᠳᠤᠨ ᠳ᠋ᠢᠶᠠᠩᠬᠤᠸ᠋ᠨ ᠶᠢᠨ ᠬᠠᠮᠢᠶᠠᠷᠤᠯᠲᠡ ᠪᠡ ᠬᠡᠷᠡᠭᠯᠡᠯᠲᠡ ᠶᠢ ᠡᠷᠴᠢᠮᠵᠢᠭᠦᠯᠵᠦ᠂ ᠲᠡᠭᠡᠲᠦ ᠱᠠᠲᠦᠨ ᠤ

ᠱᠠᠭᠠᠷᠲᠠᠯᠭ᠎ᠠ ᠪᠠᠷ ᠲᠤᠰᠬᠠᠢ ᠬᠦᠮᠦᠨ ᠲᠤᠮᠢᠯᠠᠨ ᠬᠠᠮᠢᠶᠠᠷᠴᠦ ᠠᠰᠢᠭᠯᠠᠬᠤ ᠪᠤᠯᠭᠠᠪᠡ᠃ ᠵᠢᠷᠭᠤᠭ᠎ᠠ ᠳᠤ᠂ ᠭᠠᠮᠰᠢᠭ

 ᠠᠴᠠ ᠠᠪᠤᠷᠠᠬᠤ ᠡᠳ᠋ ᠪᠤᠳᠠᠰ ᠤᠨ ᠲᠠᠷᠬᠠᠭᠠᠬᠤ ᠠᠵᠢᠯ ᠤᠨ ᠬᠠᠮᠢᠶᠠᠷᠤᠯᠲᠡ ᠶᠢ ᠲᠦᠷᠢᠮᠵᠢᠭᠦᠯᠵᠦ᠂ ︽ᠭᠠᠮᠰᠢᠭ ᠠᠴᠠ

ᠠᠪᠤᠷᠠᠬᠤ ᠪᠡᠯᠡ ᠮᠦᠩᠭᠦᠨ ᠤ ᠬᠠᠮᠢᠶᠠᠷᠤᠯᠲᠡ ᠶᠢᠨ ᠠᠷᠭ᠎ᠠ︾ ᠢ ᠦᠨᠳᠦᠰᠦᠯᠡᠨ᠂ ᠡᠳ᠋ ᠪᠤᠳᠠᠰ᠂ ᠵᠤᠭᠤᠰ ᠮᠦᠩᠭᠦ

ᠲᠠᠷᠬᠠᠭᠠᠬᠤ ᠶᠠᠪᠤᠴᠡ ᠶᠢ ᠲᠦᠷᠢᠮᠵᠢᠭᠦᠯᠵᠦ᠂ ᠭᠠᠷ ᠭᠦᠢᠴᠡᠳᠭᠡᠯ ᠢ ᠪᠦᠷᠢᠨᠰᠢᠭᠦᠯᠵᠦ᠂ ᠬᠤᠪᠢ ᠪᠡᠶ᠎ᠡ ᠪᠠᠷ ᠭᠤᠶᠤᠴᠢᠯᠡᠨ᠂

ᠭᠠᠴᠠᠭ᠎ᠠ ᠲᠤᠰᠬᠤᠨ ᠤ ᠵᠦᠪᠯᠡᠯ ᠠᠴᠠ ᠵᠦᠪᠲᠡᠵᠦ᠂ ᠰᠤᠮᠦ ᠰᠢᠶᠠᠩ ᠪᠠᠯᠭᠠᠰᠦ ᠬᠢᠨᠠᠨ ᠲᠤᠳᠤᠯᠠᠵᠦ᠂ ᠠᠷᠡᠳ ᠤᠨ

ᠶᠠᠪᠤᠲᠡᠯ ᠤ ᠡᠭᠦᠲᠡᠨ ᠠᠴᠠ ᠬᠢᠨᠠᠨ ᠵᠦᠪᠰᠢᠶᠠᠷᠡᠭᠡᠳ ᠵᠠᠷᠯᠡᠯ ᠨᠡᠶᠢᠲᠡᠯᠡᠵᠦ᠂ ᠪᠦᠬᠦᠨ ᠳᠤ ᠲᠤᠬᠢᠷᠠᠬᠤ ᠺᠠᠷᠲ ᠪᠠᠷ

ᠲᠠᠷᠬᠠᠭᠠᠬᠤ ᠶᠡᠪᠤᠴᠡ ᠪᠠᠷ ᠢᠯᠡ ᠠᠵᠢᠯᠯᠠᠭ᠎ᠠ ᠶᠠᠪᠤᠭᠳᠠᠭᠤᠯᠵᠦ᠂ ᠨᠡᠶᠢᠭᠡᠮ ᠨᠡᠶᠢᠲᠡ ᠶᠢᠨ ᠬᠢᠨᠠᠯᠲᠡ ᠶᠢ ᠬᠦᠯᠢᠶᠡᠪᠡ᠃

ᠰᠠᠬᠢᠯᠭ᠎ᠠ ᠪᠠᠲᠦ ᠶᠢ ᠬᠢᠨᠠᠨ ᠪᠠᠶᠢᠴᠠᠭᠠᠬᠤ᠂ ᠬᠢᠨᠠᠨ ᠪᠤᠳᠤᠯᠲᠡ ᠶᠢᠨ ᠰᠠᠯᠠᠭ᠎ᠠ ᠮᠦᠴᠢᠷ ᠤᠨ ᠬᠢᠨ ᠪᠦᠬᠦ ᠬᠤᠰᠢᠭᠤᠨ ᠤ

ᠭᠠᠮᠰᠢᠭ ᠠᠴᠠ ᠠᠪᠤᠷᠠᠬᠤ ᠪᠡᠯᠡ ᠮᠦᠩᠬᠦ ᠲᠠᠷᠬᠠᠭᠠᠬᠤ ᠠᠵᠯ ᠳᠤ ᠲᠤᠭᠳᠠᠮᠠᠯ ᠪᠤᠰᠦ ᠬᠢᠨᠠᠨ ᠪᠠᠶᠢᠴᠠᠭᠠᠯᠲᠡ ᠬᠢᠵᠦ᠂

ᠲᠦᠷᠢᠮ ᠠᠴᠠ ᠵᠦᠷᠢᠴᠡᠭᠰᠡᠨ ᠠᠵᠢᠯᠯᠠᠭ᠎ᠠ ᠡᠭᠦᠰᠬᠦ ᠶᠢ ᠬᠤᠷᠢᠭᠯᠡᠪᠡ᠃

       ᠬᠦᠲᠦᠯᠦᠭᠴᠢ᠄ ᠤᠳᠤᠬᠠᠨ ᠳᠤ᠂ ᠮᠠᠨ ᠤ ᠬᠤᠰᠢᠭᠤᠨ ᠤ ᠨᠠᠭᠠᠲᠦ ᠵᠠᠬ᠎ᠠ ᠶᠢᠨ ᠪᠠᠲᠤᠯᠠᠭ᠎ᠠ ᠶᠢᠨ ᠠᠵᠢᠯ ᠤᠨ

ᠠᠬᠢᠴᠡ ᠶᠠᠮᠠᠷ ᠪᠤᠢ︖

       ᠯᠢ ᠸᠧᠢ᠄ ᠦᠨᠦ ᠵᠢᠯ᠂ ᠮᠠᠨ ᠤ ᠬᠤᠰᠢᠭᠤ ᠪᠤᠭᠤᠲᠦ ᠬᠤᠲᠡ ᠶᠢᠨ ᠬᠠᠮᠢᠶ᠎ᠠ ᠪᠦᠭᠦᠢ ᠪᠢᠴᠢᠭ ᠮᠠᠲ᠋ᠧᠷᠢᠶᠠᠯ

 ᠤᠨ ᠱᠠᠭᠠᠷᠲᠡᠯᠭ᠎ᠠ ᠪᠠᠷ᠂ ᠬᠤᠲᠡ ᠬᠦᠲᠡᠭᠡ ᠶᠢᠨ ᠨᠠᠭᠠᠲᠦ ᠵᠠᠬ᠎ᠠ ᠶᠢᠨ ᠪᠠᠲᠤᠯᠠᠭ᠎ᠠ ᠶᠢᠨ ᠠᠵᠢᠯ ᠤᠨ ᠭᠤᠶᠤᠴᠢᠯᠠᠬᠤ᠂

ᠬᠢᠨᠠᠬᠤ᠂ ᠵᠦᠪᠰᠢᠶᠠᠷᠡᠬᠦ᠂ ᠨᠡᠶᠢᠲᠡᠯᠡᠬᠦ ᠵᠠᠷᠭᠡ ᠶᠠᠪᠤᠴᠡ ᠶᠢ ᠴᠢᠩᠭ᠎ᠠ ᠲᠦᠷᠢᠮᠵᠢᠭᠦᠯᠵᠦ᠂ ᠨᠦᠬᠦᠪᠦᠷᠢ ᠶᠢᠨ ᠪᠠᠷᠢᠮᠵᠢᠶ᠎ᠡ ᠶᠢ

ᠨᠡᠮᠡᠭᠲᠡᠭᠦᠯᠵᠦ᠂ ᠪᠠᠯᠭᠠᠰᠤᠨ ᠤ ᠨᠠᠭᠠᠲᠦ ᠵᠠᠬ᠎ᠠ ᠶᠢᠨ ᠠᠮᠢᠳᠤᠷᠡᠯ ᠤᠨ ᠪᠠᠲᠤᠯᠠᠭ᠎ᠠ ᠶᠢᠨ ᠬᠡᠮᠵᠢᠶ᠎ᠡ ᠶᠢ ᠰᠠᠷ᠎ᠡ ᠪᠦᠷᠢ ᠶᠢᠨ

600 ᠲᠦᠭᠦᠷᠢᠭ ᠢ 620 ᠲᠦᠭᠦᠷᠢᠭ ᠪᠤᠯᠭᠠᠵᠦ᠂ ᠬᠦᠲᠡᠭᠡ ᠲᠤᠰᠬᠤᠨ ᠤ ᠬᠢ ᠬᠦᠮᠦᠨ ᠪᠦᠷᠢ ᠵᠢᠯ ᠤᠨ5144

ᠲᠦᠭᠦᠷᠢᠭ ᠢ ᠨᠡᠮᠡᠭᠲᠡᠭᠦᠯᠦᠭᠡᠳ 5200 ᠲᠦᠭᠦᠷᠢᠭ ᠪᠤᠯᠭᠠᠪᠡ᠃ ᠤᠳᠤ ᠪᠤᠯᠲᠡᠯ᠎ᠡ᠂ ᠪᠦᠬᠦ ᠬᠤᠰᠢᠭᠤᠨ ᠤ ᠬᠤᠲᠡ

ᠪᠠᠯᠭᠠᠰᠦᠨ ᠤ ᠨᠠᠭᠠᠲᠦ ᠵᠠᠬ᠎ᠠ ᠶᠢᠨ ᠠᠮᠢᠳᠤᠷᠡᠯ ᠤᠨ ᠪᠠᠲᠤᠯᠠᠭ᠎ᠠ ᠤᠯᠤᠭᠰᠡᠨ ᠡᠲᠡᠭᠡᠳ ᠨᠢ ᠨᠡᠶᠢᠲᠡ 239 ᠡᠷᠦᠭᠡ

370 ᠬᠦᠮᠦᠨ᠂ ᠬᠦᠲᠡᠭᠡ ᠲᠤᠰᠬᠤᠨ ᠤ ᠬᠢ ᠨᠢ 811ᠡᠷᠦᠭᠡ᠂1611 ᠬᠦᠮᠦᠨ ᠳᠤ ᠬᠦᠷᠴᠦ᠂ ᠪᠠᠯᠭᠠᠰᠤᠨ ᠳᠤ

145.65 ᠲᠦᠮᠡᠨ ᠲᠦᠭᠦᠷᠢᠭ ᠤᠨ ᠪᠠᠲᠤᠯᠠᠭ᠎ᠠ ᠶᠢᠨ ᠮᠦᠩᠬᠦ᠂ ᠬᠦᠲᠡᠭᠡ ᠲᠤᠰᠬᠤᠨ ᠳᠤ 354.60 ᠲᠦᠮᠡᠨ

ᠲᠦᠭᠦᠷᠢᠭ ᠤᠨ ᠪᠠᠲᠤᠯᠠᠭ᠎ᠠ ᠶᠢᠨ ᠮᠦᠩᠬᠦ ᠲᠠᠷᠬᠠᠭᠠᠵᠦ᠂ ᠨᠡᠶᠢᠲᠡ 500.25 ᠲᠦᠮᠡᠨ ᠲᠦᠭᠦᠷᠢᠭ ‍ᠤᠨ‌‍ᠪᠠᠲᠤᠯᠠᠭ᠎ᠠ

 ᠶᠢᠨ ᠮᠦᠩᠭᠦ ᠲᠠᠷᠬᠠᠭᠠᠪᠡ᠃

       ᠬᠦᠲᠦᠯᠦᠭᠴᠢ᠄ ᠮᠠᠨ ᠤ ᠬᠤᠰᠢᠭᠤ ᠤᠨᠴᠡ ᠬᠦᠴᠢᠷᠲᠠᠯᠲᠠᠢ ᠬᠦᠮᠦᠰ ᠢ ᠲᠤᠰᠠᠯᠬᠤ ᠲᠡᠯ᠎ᠡ ᠪᠠᠷ ᠶᠠᠮᠠᠷ ᠠᠵᠢᠯ

ᠬᠢᠭᠰᠡᠨ ᠪᠤᠢ︖

        ᠯᠢ ᠸᠧᠢ᠄ ᠮᠠᠨ ᠤ ᠬᠤᠰᠢᠭᠤ ︽ᠲᠡᠪᠤᠨ ᠪᠠᠲᠤᠯᠠᠭᠠᠲᠦ ᠠᠰᠠᠷᠠᠮᠵᠢ ᠶᠢᠨ ᠲᠤᠭᠳᠠᠭᠠᠯ︾ ᠢ ᠬᠢᠨᠠᠮᠠᠭᠠᠢ

ᠲᠤᠭᠤᠰᠢᠯᠠᠭᠤᠯᠦᠨ ᠨᠠᠶᠢᠳᠠᠪᠤᠷᠢᠵᠢᠭᠤᠯᠵᠦ᠂ ᠠᠰᠠᠷᠠᠮᠵᠢ ᠶᠢᠨ ᠪᠠᠷᠢᠮᠵᠢᠶ᠎ᠡ ᠪᠠᠨ ᠵᠢᠯ ᠲᠡᠷᠠᠭᠠᠯᠡᠨ ᠨᠡᠮᠡᠭᠳᠡᠭᠦᠯᠵᠦ᠂

2017 ᠤᠨ ᠪᠤᠯᠬᠤ ᠳᠤ᠂ ᠪᠦᠬᠦ ᠬᠤᠰᠢᠭᠤᠨ ᠤ ᠲᠦᠭᠡᠭᠡᠨ ᠠᠰᠠᠷᠠᠬᠤ ᠪᠡ ᠲᠦᠪᠯᠡᠷᠡᠭᠦᠯᠦᠨ ᠠᠰᠠᠷᠠᠬᠤ ᠬᠡᠮᠵᠢᠶ᠎ᠡ

 ᠶᠢ ᠲᠤᠰ ᠲᠤᠰ ᠬᠦᠮᠦᠨ ᠪᠦᠷᠢ ᠵᠢᠯ ᠳᠡᠭᠡᠨ 6800 ᠲᠦᠭᠦᠷᠢᠭ ᠪᠡ 10000 ᠲᠦᠭᠦᠷᠢᠭ ᠪᠤᠯᠭᠠᠵᠦ᠂ ᠨᠢᠳᠤᠨᠤᠨ

 ᠠᠴᠠ ᠲᠤᠰ ᠪᠦᠷᠢ 1800 ᠲᠦᠭᠦᠷᠢᠭ ᠪᠡ 2000 ᠲᠦᠭᠦᠷᠢᠭ ᠨᠡᠮᠡᠭᠳᠡᠪᠡ᠃ ᠪᠦᠬᠦ ᠬᠤᠰᠢᠭᠤᠨ ᠳᠤ ᠤᠨᠴᠡ

ᠬᠦᠴᠢᠷᠲᠠᠯᠲᠠᠢ ᠬᠦᠮᠦᠨ 669 ︵ᠡᠭᠦᠨ ᠤ ᠲᠤᠳᠤᠷ᠎ᠡ᠄ ᠲᠦᠪᠯᠡᠷᠡᠭᠦᠯᠦᠨ‌ᠠᠰᠠᠷᠠᠬᠤ ᠨᠢ 282 ᠬᠦᠮᠦᠨ︶ ᠪᠠᠶᠢᠵᠦ᠂

ᠡᠮᠦᠨ᠎ᠡ ᠬᠠᠭᠠᠰ ᠵᠢᠯ ᠤᠨ ᠲᠠᠷᠬᠠᠭᠠᠭᠰᠡᠨ ᠠᠰᠠᠷᠠᠮᠵᠢ ᠶᠢᠨ ᠮᠦᠩᠬᠦ 290.63 ᠲᠦᠮᠡᠨ ᠲᠦᠭᠦᠷᠢᠭ ᠳᠤ ᠬᠦᠷᠪᠡ᠃

ᠬᠤᠲᠡ ᠪᠠᠯᠭᠠᠰᠤᠨ ᠤ ︽ᠭᠤᠷᠪᠠᠨ ᠦᠭᠡᠢ︾ ᠬᠦᠮᠦᠰ ᠤᠨ ᠲᠦᠭᠡᠭᠡᠨ‌ᠠᠰᠠᠷᠠᠬᠤ ᠪᠡ ᠲᠦᠪᠯᠡᠷᠡᠭᠦᠯᠦᠨ ᠠᠰᠠᠷᠠᠬᠤ

ᠪᠠᠷᠢᠮᠵᠢᠶ᠎ᠡ ᠶᠢ ᠲᠤᠰ ᠲᠤᠰ ᠬᠦᠮᠦᠨ ᠪᠦᠷᠢ ᠵᠢᠯ ᠳᠡᠭᠡᠨ1200 ᠲᠦᠭᠦᠷᠢᠭ ᠪᠡ 1600 ᠲᠦᠭᠦᠷᠢᠭ ᠳᠤ

ᠬᠦᠷᠭᠡᠵᠦ᠂ ᠨᠢᠳᠤᠨᠤᠨ ᠠᠴᠠ ᠲᠤᠰ ᠪᠦᠷᠢ 200 ᠲᠦᠭᠦᠷᠢᠭ ᠨᠡᠮᠡᠭᠳᠡᠭᠦᠯᠪᠡ᠃ ᠡᠮᠦᠨ᠎ᠡ ᠬᠠᠭᠠᠰ ᠵᠢᠯ ᠳᠤ ᠬᠤᠲᠡ

ᠪᠠᠯᠭᠠᠰᠤᠨ ᠤ 39 ᠨᠡᠷᠡᠰ ︽ᠭᠤᠷᠪᠠᠨ ᠦᠭᠡᠢ︾ ᠬᠦᠮᠦᠰ ᠲᠤ 30.3 ᠲᠦᠮᠡᠨ ᠲᠦᠭᠦᠷᠢᠭ ᠤᠨ ᠠᠰᠠᠷᠠᠮᠵᠢ ᠶᠢᠨ

ᠮᠦᠩᠬᠦ ᠲᠠᠷᠬᠠᠭᠠᠪᠡ᠃ ᠮᠠᠨ ᠤ ᠬᠤᠰᠢᠭᠤ ᠢᠳᠡᠪᠬᠢᠯᠡᠨ ᠪᠡᠯᠡ ᠮᠦᠩᠬᠦ ᠴᠤᠭᠯᠠᠭᠤᠯᠦᠨ ᠨᠠᠰᠤᠲᠡᠳ ᠢ ᠠᠰᠠᠷᠠᠬᠤ

ᠬᠦᠷᠢᠶᠠᠯᠡᠩ ᠤᠨ ᠢᠵᠢ ᠲᠦᠭᠦᠭᠡᠷᠦᠮᠵᠢ ᠶᠢ ᠲᠡᠭᠦᠯᠲᠡᠷᠵᠢᠭᠦᠯᠵᠦ᠂ 216 ᠲᠦᠮᠡᠨ ᠲᠦᠭᠦᠷᠢᠭ ᠤᠨ ᠪᠡᠯᠡ

ᠤᠷᠤᠭᠤᠯᠵᠦ ᠠᠷᠡᠳ ᠤᠨ ᠶᠠᠪᠤᠳᠠᠯ ᠤᠨ ᠠᠰᠠᠷᠠᠮᠵᠢ ᠶᠢᠨ ᠬᠦᠷᠢᠶᠠᠯᠡᠩ᠂ ᠦᠬᠡᠷᠬᠤᠳᠳᠤᠭ ᠪᠠᠯᠭᠠᠰᠤᠨ ᠤ ᠨᠠᠰᠤᠲᠡᠳ

 ᠢ ᠠᠰᠠᠷᠠᠬᠤ ᠬᠦᠷᠢᠶᠠᠯᠡᠩ ᠪᠤᠯᠤᠨ ᠰᠢᠪᠡᠷᠬᠦ᠋ᠷᠢᠶ᠎ᠡ ᠪᠠᠯᠭᠠᠰᠤᠨ ᠤ ᠨᠠᠰᠤᠲᠡᠳ ᠢ ᠠᠰᠠᠷᠠᠬᠤ ᠬᠦᠷᠢᠶᠠᠯᠡᠩ ᠳᠤ ᠭᠠᠯ ᠢ

ᠰᠡᠷᠭᠡᠶᠢᠯᠡᠬᠦ ᠰᠦᠷᠴᠢᠭᠦᠷ ᠤᠭᠰᠠᠷᠠᠨ ᠦᠭᠴᠦ᠂ ᠦᠬᠡᠷᠬᠤᠳᠳᠤᠭ ᠪᠠᠯᠭᠠᠰᠤᠨ ᠤ ᠨᠠᠰᠤᠲᠡᠳ ᠢ ᠠᠰᠠᠷᠠᠬᠤ

ᠬᠦᠷᠢᠶᠠᠯᠡᠩ ᠳᠤ ᠪᠠᠰᠡ ᠤᠬᠢᠶᠠᠯᠠᠭ᠎ᠠ ᠲᠠᠢ ᠵᠤᠷᠯᠦᠩ ᠢ ᠰᠢᠨ᠎ᠡ ᠪᠠᠷ ᠪᠠᠶᠢᠭᠤᠯᠵᠦ ᠦᠭᠪᠡ᠃

       ᠬᠤᠰᠢᠭᠤᠨ ᠤ ᠠᠷᠠᠳ ᠤᠨ ᠶᠠᠪᠤᠳᠡᠯ ᠤᠨ ᠲᠤᠪᠴᠢᠶ᠎ᠡ ᠲᠡᠪᠤᠨ ᠪᠠᠲᠤᠯᠠᠭᠠᠲᠦ ᠡᠷᠦᠭᠡ ᠶᠢᠨ ᠠᠰᠠᠷᠠᠨ

ᠦᠢᠯᠡᠴᠢᠯᠡᠬᠦ ᠲᠦᠪ ᠪᠠᠶᠢᠭᠤᠯᠵᠦ᠂ ᠪᠦᠬᠦ ᠬᠤᠰᠢᠭᠤᠨ ᠤ 3ᠰᠠᠭᠤᠷᠢ ᠨᠠᠰᠤᠲᠡᠳ ᠢ ᠠᠰᠠᠷᠠᠬᠤ ᠬᠦᠷᠢᠶᠠᠯᠡᠩ ᠢ

ᠨᠢᠭᠡᠲᠦᠯᠲᠠᠢ ᠬᠠᠮᠢᠶᠠᠷᠴᠦ᠂ ᠬᠦᠷᠢᠶᠡᠯᠡᠩ ᠤᠨ ᠲᠠᠷᠤᠭ᠎ᠠ᠂ ᠠᠵᠢᠯᠲᠡᠳ ᠵᠢᠴᠢ ᠬᠠᠷᠠᠭᠠᠯᠵᠠᠭᠰᠡᠨ ᠡᠮᠴᠢ ᠲᠤᠬᠢᠷᠠᠭᠤᠯᠵᠦ᠂

ᠬᠠᠮᠢᠶᠠᠷᠤᠯᠲᠡ ᠶᠢᠨ ᠲᠦᠷᠢᠮ ᠲᠤᠭᠳᠠᠭᠠᠵᠦ᠂ ᠬᠤᠭᠤᠯᠡ ᠤᠮᠳᠠᠭᠠᠨ ᠢ ᠨᠢ ᠪᠠᠷᠢᠮᠵᠢᠶᠠᠯᠡᠵᠦ᠂ ᠬᠦᠷᠢᠶᠠᠯᠡᠩ ᠤᠨ ᠪᠦᠬᠦ

ᠬᠦᠮᠦᠰ ᠲᠤ ᠨᠢᠭᠡᠲᠦᠯᠲᠠᠢ ᠬᠤᠪᠴᠠᠰᠦ ᠬᠤᠨᠠᠷ᠂ ᠤᠷᠦ ᠲᠡᠪᠢᠰᠭᠡᠷ᠂ ᠲᠡᠷ᠎ᠡ ᠪᠦᠲᠡᠭᠡᠯᠭᠡ ᠵᠡᠷᠭᠡ ᠲᠡᠷᠬᠠᠭᠠᠵᠦ᠂

ᠨᠢᠭᠡᠲᠦᠯᠲᠠᠢ ᠫᠡᠶᠢᠰᠡ ᠲᠡᠮᠳᠡᠭ ᠵᠡᠭᠦᠯᠭᠡᠪᠡ᠃ ᠨᠠᠰᠤᠲᠡᠳ ᠢ ᠠᠰᠠᠷᠠᠬᠤ ᠬᠦᠷᠢᠶᠠᠯᠡᠩ ᠦᠢᠯᠡᠴᠢᠯᠡᠭᠡᠨ ᠤ ᠬᠠᠮᠢᠶᠠᠷᠤᠯᠲᠡ

 ᠪᠠᠨ ᠴᠢᠩᠭᠠᠷᠠᠭᠤᠯᠵᠦ᠂ ᠬᠦᠷᠢᠶᠠᠯᠡᠩ ᠪᠠᠶᠢᠭᠤᠯᠬᠤ ᠨᠦᠭᠦᠴᠡᠯ ᠢᠶᠠᠨ ᠰᠠᠶᠢᠵᠢᠷᠠᠭᠤᠯᠵᠦ᠂ ᠬᠠᠮᠢᠶᠠᠷᠬᠤ ᠠᠵᠢᠯᠲᠡᠳ

ᠪᠦᠷᠢᠨᠰᠢᠭᠦᠯᠦᠭᠰᠡᠨ ᠰᠠᠭᠤᠷᠢᠨ ᠲᠡᠭᠡᠷ᠎ᠡ᠂ ᠬᠠᠮᠢᠶᠠᠷᠤᠯᠲᠡ ᠶᠢᠨ ᠲᠦᠷᠢᠮ ᠲᠤᠭᠳᠠᠭᠠᠯ ᠢᠶᠠᠨ ᠲᠡᠭᠦᠯᠲᠡᠷᠵᠢᠭᠦᠯᠵᠦ᠂

ᠬᠦᠷᠢᠶᠠᠯᠡᠩ ᠳᠤ ᠪᠠᠶᠢᠭ᠎ᠠ ᠨᠠᠰᠤᠲᠠᠳ ᠲᠠᠢ ᠬᠡᠯᠡᠯᠴᠡᠭᠡᠷ ᠲᠤᠭᠳᠠᠵᠦ᠂ ᠡᠷᠭᠡ ᠡᠭᠦᠷᠭᠡ ᠪᠠᠨ ᠲᠤᠳᠤᠳᠬᠠᠵᠦ᠂

ᠬᠠᠮᠢᠶᠠᠷᠣᠯᠲᠡ ᠪᠠᠨ ᠲᠦᠷᠢᠮᠵᠢᠭᠦᠯᠦᠭᠰᠡᠨ ᠰᠢᠨ᠎ᠡ ᠪᠦᠲᠦᠴᠡ ᠶᠢ ᠪᠤᠢ ᠪᠤᠯᠭᠠᠪᠡ᠃

       ᠬᠦᠲᠦᠯᠦᠭᠴᠢ᠄ ᠦᠨᠦ ᠵᠢᠯ᠂ ᠮᠠᠨ ᠤ ᠬᠤᠰᠢᠭᠤ ᠦᠭᠡᠷ᠎ᠡ ᠪᠤᠰᠣᠳ ᠶᠠᠮᠠᠷ ᠨᠡᠶᠢᠭᠡᠮ ᠤᠨ ᠲᠤᠰᠠᠯᠠᠮᠵᠢ ᠶᠢᠨ

ᠠᠵᠢᠯ ᠦᠷᠨᠢᠭᠦᠯᠦᠭᠰᠡᠨ ᠪᠤᠢ︖

        ᠯᠢ ᠸᠧᠢ᠄ ᠬᠤᠰᠢᠭᠤ ᠨᠡᠮ ᠤᠨ ᠬᠤᠷᠢᠶ᠎ᠡ᠂ ᠵᠠᠰᠠᠭ ᠤᠨ ᠤᠷᠳᠤᠨ ᠤ ᠵᠦᠪ ᠤᠨᠤᠪᠴᠢᠲᠠᠢ

ᠤᠳᠤᠷᠢᠳᠤᠯᠭ᠎ᠠ ᠪᠡ ᠲᠡᠭᠡᠲᠦ ᠬᠡᠮᠵᠢᠶ᠎ᠡ ᠪᠠᠷ ᠴᠢᠬᠤᠯᠴᠢᠯᠠᠭᠰᠡᠨ ᠪᠠᠶᠢᠲᠠᠯ ᠳᠤ᠂ ᠲᠡᠭᠡᠲᠦ ᠱᠠᠳᠤᠨ ᠤ ᠠᠷᠡᠳ ᠤᠨ

ᠶᠠᠪᠤᠲᠡᠯ ᠤᠨ ᠰᠠᠯᠠᠭ᠎ᠠ ᠮᠦᠴᠢᠷ ᠤᠨ ᠬᠦᠴᠦᠲᠠᠢ ᠲᠡᠮᠵᠢᠯᠭᠡ ᠲᠤᠤᠷ᠎ᠡ᠂ ᠮᠡᠨ ᠤ ᠬᠤᠰᠢᠭᠤ ᠠᠷᠡᠳ ᠤᠨ ᠠᠮᠢᠳᠤᠷᠯ ᠢ

ᠪᠠᠲᠤᠯᠠᠨ ᠰᠠᠶᠢᠵᠢᠷᠠᠭᠤᠯᠵᠦ᠂ ᠡᠪ ᠨᠠᠶᠢᠷᠠᠮᠲᠡᠯ ᠢ ᠠᠬᠢᠭᠤᠯᠬᠤ ᠪᠠᠷ ᠵᠤᠷᠢᠯᠲᠡ ᠪᠤᠯᠭᠠᠨ᠂ ᠲᠦᠷᠢᠮ ᠤᠨ ᠰᠢᠨᠡᠴᠢᠯᠡᠯᠲᠠ

ᠪᠡ ᠦᠪᠡᠷ ᠪᠡᠶ᠎ᠡ ᠶᠢᠨ ᠪᠦᠲᠦᠭᠡᠨ ᠪᠠᠶᠢᠭᠤᠯᠤᠯᠲᠡ ᠪᠠᠷ ᠬᠦᠲᠡᠯᠭᠡᠭᠴᠢ ᠬᠦᠴᠦᠨ ᠪᠤᠯᠭᠠᠨ᠂ ᠠᠷᠡᠳ ᠤᠨ ᠶᠠᠪᠤᠲᠡᠯ ᠤᠨ

ᠡᠯ᠎ᠡ ᠲᠡᠯ᠎ᠡ ᠶᠢᠨ ᠲᠦᠷᠦ ᠶᠢᠨ ᠪᠤᠲᠤᠯᠭ᠎ᠠ ᠶᠢ ᠨᠠᠶᠢᠳᠠᠪᠤᠷᠢᠭᠤᠯᠵᠦ᠂ ᠤᠯᠠᠨ ᠲᠦᠷᠦᠯ ᠤᠨ ᠨᠡᠶᠢᠭᠡᠮ ᠤᠨ ᠲᠤᠰᠠᠯᠠᠮᠵᠢ

 ᠶᠢᠨ ᠠᠵᠢᠯ ᠢ ᠬᠢᠪᠡ᠃

        ᠨᠢᠭᠡ᠂ ᠬᠤᠳᠠ ᠬᠥᠳᠡᠭᠡ ᠶᠢᠨ ᠰᠠᠭᠤᠭᠠᠯᠢ ᠠᠷᠠᠳ ᠤᠨ ᠡᠮ ᠡᠮᠨᠡᠯᠭᠡ ᠶᠢᠨ ᠲᠤᠰᠠᠯᠠᠮᠵᠢ ᠶᠢᠨ ᠠᠵᠢᠯ ᠢ

ᠬᠢᠨᠠᠮᠠᠭᠠᠢ ᠪᠡᠶᠡᠯᠡᠭᠦᠯᠪᠡ᠃ ︽ᠲᠠᠷᠬᠠᠨ ᠮᠤᠤᠮᠢᠩᠭᠠᠨ ᠬᠤᠰᠢᠭᠤᠨ ᠤ ᠬᠤᠳᠠ ᠬᠥᠳᠡᠭᠡ ᠶᠢᠨ ᠰᠠᠭᠤᠭᠠᠯᠢ ᠠᠷᠠᠳ ᠤᠨ

ᠡᠮ ᠡᠮᠨᠡᠯᠭᠡ ᠶᠢᠨ ᠲᠤᠰᠠᠯᠠᠮᠵᠢ ᠶᠢᠨ ᠲᠦᠰᠦᠯ︾ ᠢ ᠦᠨᠳᠦᠰᠦᠯᠡᠨ᠂ ᠬᠤᠲᠡ ᠪᠠᠯᠭᠠᠰᠤᠨ ᠤ 2029 ᠨᠡᠷᠡᠰ ᠨᠠᠭᠠᠲᠦ

ᠵᠠᠬ᠎ᠠ ᠶᠢᠨ ᠪᠠᠲᠤᠯᠠᠭ᠎ᠠ ᠲᠠᠢ ᠬᠦᠮᠦᠰ᠂ ᠬᠤᠲᠡ ᠪᠠᠯᠭᠠᠰᠤᠨ ᠤ ︽ᠭᠤᠷᠪᠠᠨ ᠦᠭᠡᠢ︾ ᠬᠦᠮᠦᠰ᠂ ︽ᠤᠨᠴᠡ

ᠬᠦᠴᠢᠷᠲᠠᠯᠲᠠᠢ ᠬᠦᠮᠦᠰ︾ ᠪᠡ ᠦᠨᠦᠴᠢᠨ ᠦᠷᠦᠭᠡᠰᠦᠨ ᠬᠡᠦᠭᠡᠳ ᠵᠡᠷᠭᠡ ᠬᠦᠮᠦᠰ ᠢ ᠬᠠᠪᠰᠤᠷᠤᠨ ᠬᠤᠲᠡ ᠬᠦᠳᠡᠭᠡ

 ᠶᠢᠨ ᠰᠠᠭᠤᠭᠠᠯᠢ ᠠᠷᠠᠳ ᠤᠨ ᠡᠮ ᠡᠮᠨᠡᠯᠭᠡ ᠶᠢᠨ ᠲᠠᠭᠠᠳᠬᠠᠯ ᠪᠡ ᠬᠦᠳᠡᠭᠡ ᠲᠤᠰᠬᠤᠨ ᠤ ᠬᠤᠷᠰᠢᠶᠠᠯ ᠡᠮᠨᠡᠯᠭᠡ ᠳᠤ

ᠤᠷᠤᠭᠤᠯᠵᠦ᠂ 24.144 ᠲᠦᠮᠡᠨ ᠲᠦᠭᠦᠷᠢᠭ ᠤᠨ ᠲᠤᠰᠠᠯᠠᠮᠵᠢ ᠶᠢᠨ ᠮᠦᠩᠬᠦ ᠵᠠᠷᠤᠴᠠᠭᠤᠯᠪᠡ᠃ ᠲᠤᠮᠳᠠᠳᠤ ᠤᠯᠤᠰ

 ᠤᠨ ᠠᠮᠢ ᠨᠠᠰᠦᠨ ᠤ ᠳᠠᠭᠠᠳᠬᠠᠯ ᠤᠨ ᠲᠡᠷᠬᠠᠨ ᠮᠤᠤᠮᠢᠩᠭᠠᠨ ᠤ ᠬᠤᠪᠢᠶᠠᠷᠢ ᠺᠤᠮᠫᠠᠨᠢ ᠲᠠᠢ ᠬᠡᠯᠡᠯᠴᠡᠭᠡᠷ ᠲᠤᠭᠳᠠᠵᠦ᠂

ᠬᠤᠲᠡ ᠪᠠᠯᠭᠠᠰᠤᠨ ᠤ 2459 ᠨᠡᠷᠡᠰ ᠨᠠᠭᠠᠲᠦ ᠵᠠᠬ᠎ᠠ ᠶᠢᠨ ᠪᠠᠲᠤᠯᠠᠭ᠎ᠠ ᠲᠠᠢ ᠬᠦᠮᠦᠰ᠂ ᠬᠤᠲᠡ ᠪᠠᠯᠭᠠᠰᠤᠨ ᠤ ︽

ᠭᠤᠷᠪᠠᠨ‌ᠦᠭᠡᠢ︾ ᠬᠦᠮᠦᠰ᠂ ︽ᠤᠨᠴᠡ ᠬᠦᠴᠢᠷᠲᠠᠯᠲᠠᠢ ᠬᠦᠮᠦᠰ︾ ᠪᠡ ᠦᠨᠦᠴᠢᠨ ᠦᠷᠦᠭᠡᠰᠦᠨ ᠵᠡᠷᠭᠡ ᠬᠦᠮᠦᠰ ᠲᠤ

ᠨᠦᠭᠦᠪᠦᠷᠢ ᠡᠮ ᠡᠮᠨᠡᠯᠭᠡ ᠶᠢᠨ ᠳᠠᠭᠠᠳᠬᠠᠯ ᠬᠤᠲᠠᠯᠳᠤᠨ ᠠᠪᠴᠦ ᠦᠭᠭᠦᠨ᠂ 31.97 ᠲᠦᠮᠡᠨ ᠲᠦᠭᠦᠷᠢᠭ ᠤᠨ

ᠲᠤᠰᠠᠯᠠᠮᠵᠢ ᠶᠢᠨ ᠮᠦᠩᠬᠦ ᠵᠠᠷᠤᠴᠠᠭᠤᠯᠪᠡ᠃ ᠬᠤᠰᠢᠭᠤᠨ ᠠᠴᠠ106 ᠨᠡᠷᠡᠰ ᠬᠦᠨᠳᠦ ᠡᠪᠡᠳᠴᠢᠲᠡᠨ ᠢ ᠠᠪᠤᠷᠡᠨ

ᠲᠤᠰᠠᠯᠠᠬᠤ ᠪᠠᠷ ᠵᠦᠪᠰᠢᠶᠠᠷᠡᠵᠦ᠂ 47.7 ᠲᠦᠮᠡᠨ ᠲᠦᠭᠦᠷᠢᠭ ᠤᠨ ᠲᠤᠰᠠᠯᠠᠮᠵᠢ ᠶᠢᠨ ᠮᠦᠩᠬᠦ ᠵᠠᠷᠤᠴᠠᠭᠤᠯᠪᠡ᠃

       ᠬᠤᠶᠠᠷ᠂ ︽ᠪᠠᠴᠢᠮ ᠬᠦᠴᠢᠷ ᠠᠪᠤᠷᠠᠯᠲᠡ︾ ᠶᠢᠨ ᠠᠵᠢᠯ ᠢ ᠰᠠᠶᠢᠳᠤᠷ ᠬᠢᠪᠡ᠃ ᠦᠨᠦ ᠵᠢᠯ ᠮᠠᠨ ᠤ

ᠬᠤᠰᠢᠭᠤ 27 ᠬᠦᠮᠦᠨ ᠲᠤᠰᠠᠯᠠᠵᠦ᠂ ᠲᠤᠰᠠᠯᠠᠮᠵᠢ ᠶᠢᠨ ᠮᠦᠩᠬᠦ 13.3 ᠲᠦᠮᠡᠨ ᠲᠦᠭᠦᠷᠢᠭ ᠵᠠᠷᠤᠴᠠᠭᠤᠯᠵᠦ᠂

ᠠᠷᠠᠳ ᠤᠯᠠᠨ ᠤ ᠠᠮᠢᠳᠤᠷᠠᠯ ᠲᠤᠮᠲᠡ ᠲᠤᠯᠭᠠᠷᠠᠭᠰᠡᠨ ᠭᠡᠨᠡᠳᠲᠡ ᠶᠢᠨ᠂ ᠲᠦᠷ ᠵᠠᠭᠤᠷ᠎ᠡ ᠶᠢᠨ᠂ ᠪᠠᠴᠢᠮ ᠲᠤᠯᠭᠠᠮ᠎ᠡ

ᠬᠦᠴᠢᠷ ᠪᠡᠷᠭᠡᠰᠢᠶᠡᠯ ᠢ ᠵᠤᠬᠢᠰᠲᠠᠢ ᠰᠢᠢᠳᠪᠦᠷᠢᠯᠡᠪᠡ᠃

       ᠭᠤᠷᠪᠡ᠂ ᠬᠢᠯᠢ ᠤᠷᠤᠨ ᠤ ᠲᠡᠨᠦᠭᠦᠯᠴᠢᠳ᠂ ᠭᠤᠶᠢᠷᠠᠨᠴᠢᠳ ᠢ ᠲᠤᠰᠠᠯᠠᠬᠤ ᠠᠵᠢᠯ ᠢ ᠰᠠᠶᠢᠳᠤᠷ ᠬᠢᠪᠡ᠃

ᠮᠠᠨ ᠤ ᠬᠤᠰᠢᠭᠤ 5 ᠲᠡᠨᠦᠭᠦᠯᠴᠢᠨ ᠢ ᠠᠮᠦᠷ ᠮᠡᠨᠲᠦ ᠪᠠᠷ ᠠᠶᠢᠯ ᠭᠡᠷ ᠲᠤ ᠨᠢ ᠬᠦᠷᠭᠡᠵᠦ᠂19 ᠨᠡᠷᠡᠰ ᠬᠢᠯᠢ ᠤᠷᠤᠨ

 ᠢᠶᠠᠷ ᠲᠡᠨᠦᠭᠦᠯᠴᠢᠯᠡᠵᠦ ᠪᠠᠶᠢᠭ᠎ᠠ ᠬᠦᠮᠦᠰ ᠲᠤ ᠲᠤᠰᠠᠯᠠᠮᠵᠢ ᠦᠵᠡᠭᠦᠯᠪᠡ᠃

       ᠲᠦᠷᠪᠡ᠂ ᠬᠤᠲᠡ ᠪᠠᠯᠭᠠᠰᠤᠨ ᠤ ᠦᠨᠦᠴᠢᠨ ᠬᠡᠦᠭᠡᠳ ᠢ ᠠᠰᠠᠷᠠᠨ ᠲᠡᠵᠢᠭᠡᠬᠦ ᠠᠵᠢᠯ ᠢ ᠰᠠᠶᠢᠳᠤᠷ ᠬᠢᠪᠡ᠃

2017 ᠤᠨ ᠳᠤ ᠦᠨᠦᠴᠢᠨ ᠬᠡᠦᠭᠡᠳ ᠤᠨ ᠲᠦᠭᠡᠭᠡᠨ ᠲᠡᠵᠢᠭᠡᠬᠦ ᠪᠡ ᠲᠦᠪᠯᠡᠷᠡᠭᠦᠯᠦᠨ‌‍ᠲ᠋ᠡᠵᠢᠭᠡᠬᠦ ᠪᠠᠷᠢᠮᠵᠢᠶ᠎ᠡ ᠶᠢ

ᠲᠤᠰ ᠲᠤᠰ ᠬᠦᠮᠦᠨ ᠪᠦᠷᠢ ᠰᠠᠷ᠎ᠡ ᠳᠤ ᠪᠠᠨ 1500 ᠲᠦᠭᠦᠷᠢᠭ ᠪᠡ 1800 ᠲᠦᠭᠦᠷᠢᠭ ᠲᠤ ᠬᠦᠷᠭᠡᠨ᠎ᠡ᠃

ᠤᠳᠤᠬᠠᠨ ᠳᠤ᠂ 38 ᠦᠨᠦᠴᠢᠨ ᠬᠡᠦᠭᠡᠳ ᠲᠤ 34.4 ᠲᠦᠮᠡᠨ ᠲᠦᠭᠦᠷᠢᠭ ‍ᠤᠨ‌ᠠᠰᠠᠷᠠᠨ ᠲᠡᠵᠢᠭᠡᠬᠦ ᠮᠦᠩᠬᠦ

ᠲᠠᠷᠬᠠᠭᠠᠪᠡ᠃

       ᠲᠡᠪᠦ᠂ ᠲᠡᠭᠡᠳᠦ ᠱᠠᠳᠣᠨ ᠤ ᠵᠤᠷᠢᠭ ᠰᠠᠨᠠᠭ᠎ᠠ ᠪᠠᠷ᠂ ︽ᠭᠤᠷᠪᠠᠨ ᠦᠭᠡᠢ︾ ᠬᠦᠮᠦᠰ ︵ᠦᠯᠡᠳᠡᠨ

ᠬᠤᠴᠤᠷᠤᠭᠰᠡᠨ ᠬᠡᠦᠭᠡᠳ᠂ ᠨᠠᠰᠤᠲᠠᠶᠢᠴᠤᠳ᠂ ᠡᠮᠡᠭᠲᠠᠶᠢᠴᠤᠳ︶ ᠪᠤᠯᠤᠨ ︽ᠦᠢᠯᠡ ᠠᠵᠢᠯᠯᠠᠭᠠᠨ ᠤ ᠴᠢᠳᠡᠪᠦᠷᠢ

ᠪᠠᠨ‌ᠠᠯᠲᠡᠬᠰᠠᠨ ᠬᠦᠮᠦᠨ︾᠂ ᠶᠠᠲᠠᠭᠤ ᠬᠦᠴᠢᠷᠲᠡᠯᠲᠠᠢ ᠬᠡᠦᠬᠡᠳ ᠪᠠᠭᠠᠴᠤᠳ ᠤᠨ ᠪᠠᠶᠢᠲᠡᠯ ᠢ ᠨᠢ ᠤᠶᠢᠯᠠᠭᠠᠨ

ᠪᠠᠶᠢᠴᠠᠭᠠᠯᠲᠡ ᠬᠢᠬᠦ ᠠᠵᠢᠯ ᠢ ᠰᠠᠶᠢᠲᠤᠷ ᠪᠡᠶᠡᠯᠡᠭᠦᠯᠵᠦ᠂ ᠳ᠋ᠡᠶᠢᠲ᠋ᠡ ᠬᠦᠮᠦᠷᠭᠡ ᠪᠠᠶᠢᠭᠤᠯᠵᠦ᠂ ᠳᠠᠷᠠᠭᠠᠴᠢ ᠪᠠᠷ ᠤᠨᠢᠨ

ᠲᠡᠭᠡᠷ᠎ᠡ ᠨᠢ ᠠᠪᠤᠷᠠᠯᠲᠡ ᠲᠤᠰᠠᠯᠠᠮᠵᠢ ᠦᠵᠡᠭᠦᠯᠬᠦ ᠳᠤ ᠨᠠᠶᠢᠲᠠᠪᠤᠷᠢᠲᠠᠢ ᠦᠨᠳᠦᠰᠦ ᠪᠠᠷᠢᠮᠲᠡ ᠬᠠᠩᠭᠠᠪᠡ᠃

 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号