ᠤᠷᠤᠨ ᠨᠤᠲᠤᠭ ᠤᠨ ᠳᠠᠪᠠᠭᠤᠯᠢᠭ ᠢᠶᠠᠨ ᠪᠠᠲᠡᠷᠠᠭᠤᠯᠵᠦ᠂ ᠡᠮᠬᠢ ᠲᠢᠭᠯᠢᠮ ᠤᠨ ᠬᠠᠮᠢᠶᠠᠷᠤᠯᠲᠡ ᠪᠠᠨ ᠴᠢᠩᠭᠠᠷᠠᠭᠤᠯᠵᠦ᠂ ︽ᠪᠦᠭᠦᠶᠢᠯᠡ ᠤᠷᠤᠨ ᠪᠦᠰᠡ ᠶᠢᠨ ᠵᠢᠭᠤᠯᠴᠢᠯᠡᠯ ᠤᠨ ᠵᠢᠱᠢᠶᠠᠴᠢ ᠤᠷᠤᠨ︾ ᠢ ᠪᠦᠲᠦᠭᠡᠨ ᠪᠠᠶᠢᠭᠤᠯᠬᠤ ᠠᠵᠢᠯ ᠢ ᠪᠦᠬᠦ ᠲᠡᠯ᠎ᠡ ᠪᠠᠷ ᠪᠡᠶᠡᠯᠡᠭᠦᠯᠦᠨ᠎ᠡ
ᠨᠡᠶᠢᠲᠡᠯᠡᠭᠰᠡᠨ ᠴᠠᠭ᠄
2018-04-16

     ᠰᠤᠷᠪᠤᠯᠵᠢᠯᠠᠭ᠎ᠠ ᠶᠢᠨ ᠭᠤᠤᠯ ᠰᠡᠳᠦᠪ᠄ ᠤᠷᠤᠨ‌ᠨᠤᠲᠤᠭ ᠤᠨ ᠳᠠᠪᠠᠭᠤᠯᠢᠭ ᠢᠶᠠᠨ ᠪᠠᠲᠡᠷᠠᠭᠤᠯᠵᠦ᠂ ᠡᠮᠬᠢ

ᠲᠢᠭᠯᠢᠮ ᠤᠨ ᠬᠠᠮᠢᠶᠠᠷᠤᠯᠲᠡ ᠪᠠᠨ ᠴᠢᠩᠭᠠᠷᠠᠭᠤᠯᠵᠦ᠂ ︽ᠪᠦᠬᠦᠶᠢᠯᠡ ᠤᠷᠤᠨ ᠪᠦᠰᠡ ᠶᠢᠨ ᠵᠢᠭᠤᠯᠴᠢᠯᠡᠯ ᠤᠨ

ᠵᠢᠱᠢᠶᠠᠴᠢ ᠤᠷᠤᠨ︾ ᠢ ᠪᠦᠲᠦᠭᠡᠨ ᠪᠠᠶᠢᠭᠤᠯᠬᠤ ᠠᠵᠢᠯ ᠢ ᠪᠦᠬᠦ ᠲᠡᠯ᠎ᠡ ᠪᠠᠷ ᠪᠡᠶᠡᠯᠡᠭᠦᠯᠦᠨ᠎ᠡ

     ᠰᠤᠷᠪᠤᠯᠵᠢᠯᠠᠭ᠎ᠠ ᠶᠢᠨ ᠬᠦᠨᠳᠦᠳᠦ ᠵᠤᠴᠢᠨ᠄ ᠬᠤᠰᠢᠭᠤ ᠨᠡᠮ ᠤᠨ ᠪᠠᠶᠢᠩᠭᠤ ᠶᠢᠨ ᠬᠤᠷᠢᠶ᠎ᠠ᠂ ᠵᠠᠰᠠᠭ ᠬᠠᠦᠯᠢ

 ᠶᠢᠨ ᠬᠤᠷᠢᠶᠠᠨ ᠤ ᠱᠦᠵᠢ᠂ ᠲᠡᠳ᠋ ᠬᠤᠰᠢᠭᠤᠨ ᠳᠠᠷᠤᠭ᠎ᠠ ᠯᠢᠶᠠᠩ ᠷᠦᠨ ᠱᠤᠸᠠᠨ

     ᠰᠤᠷᠪᠤᠯᠵᠢᠯᠠᠭ᠎ᠠ ᠶᠢᠨ ᠴᠠᠭ ᠬᠤᠭᠤᠴᠠᠭ᠎ᠠ᠄ 2017 ᠤᠨ ᠤ 7 ᠰᠡᠷ᠎ᠡ ᠶᠢᠨ14 ᠤ ᠡᠳᠦᠷ

     ᠬᠦᠲᠦᠯᠦᠭᠴᠢ᠄ 2016 ᠤᠨ᠂ ᠮᠠᠨ ᠤ ᠬᠤᠰᠢᠭᠤ ᠡᠯ᠎ᠡ ᠲᠦᠷᠦᠯ ᠤᠨ ᠠᠵᠢᠯ ᠤᠨ ᠡᠭᠦᠷᠭᠡ ᠬᠠᠷᠠᠯᠲᠡ ᠪᠠᠨ

ᠠᠮᠵᠢᠯᠲᠡ ᠲᠠᠢ ᠪᠡᠶᠡᠯᠡᠭᠦᠯᠵᠦ᠂ ︽ᠠᠷᠪᠠᠨ ᠭᠤᠷᠪᠠᠳᠤᠭᠠᠷ ᠲᠠᠪᠤᠨ︾ ᠵᠢᠯ ᠤᠨ ᠲᠦᠯᠦᠪᠯᠡᠭᠡ ᠶᠢ ᠤᠬᠢ

ᠰᠠᠶᠢᠨ‌ᠡᠬᠢᠯᠡᠭᠦᠯᠦᠭᠰᠡᠨ ᠪᠠᠶᠢᠨ᠎ᠡ᠂ ᠲᠡᠭᠡᠪᠡᠯ ︽ᠤᠯᠤᠰ ᠤᠨ ᠲᠡᠰ ᠤᠨ ᠪᠦᠬᠦᠶᠢᠯᠡ ᠤᠷᠤᠨ ᠪᠦᠰᠡ ᠶᠢᠨ ᠵᠢᠭᠤᠯᠴᠢᠯᠡᠯ

 ᠤᠨ ᠤᠷᠤᠨ︾ ᠢ ᠪᠦᠲᠦᠭᠡᠨ ᠪᠠᠶᠢᠭᠤᠯᠬᠤ ᠲᠡᠯ᠎ᠡ ᠪᠠᠷ ᠶᠠᠮᠠᠷ ᠪᠤᠲᠠᠲᠠᠢ ᠠᠵᠢᠯᠯᠠᠭ᠎ᠠ ᠶᠡᠪᠤᠭᠳᠠᠭᠤᠯᠤᠭᠰᠡᠨ ᠪᠤᠢ︖

     ᠯᠢᠶᠠᠩ ᠷᠦᠨ ᠱᠤᠸᠠᠨ᠄ 2016 ᠤᠨ ᠠᠴᠠ ᠨᠠᠭᠠᠰᠢ᠂ ᠮᠡᠨ ᠤ ᠬᠤᠰᠢᠭᠤ ︽ᠤᠯᠤᠰ ᠤᠨ ᠲᠡᠰ ᠤᠨ

ᠪᠦᠬᠦᠶᠢᠯᠡ ᠤᠷᠤᠨ ᠪᠦᠰᠡ ᠶᠢᠨ ᠵᠢᠭᠤᠯᠴᠢᠯᠡᠯ ᠤᠨ ᠤᠷᠤᠨ︾ ᠢ ᠪᠦᠲᠦᠭᠡᠨ ᠪᠠᠶᠢᠭᠤᠯᠬᠤ ᠪᠠᠷ ᠬᠠᠷᠠᠯᠲᠡ ᠪᠠᠨ

ᠪᠤᠯᠭᠠᠵᠦ᠂ ᠬᠠᠮᠢᠶ᠎ᠡ ᠪᠦᠭᠦᠢ ᠠᠵᠢᠯᠯᠠᠭ᠎ᠠ ᠪᠠᠨ‌‍ᠪᠦ᠋ᠬᠦ ᠲᠠᠯ᠎ᠡ ᠪᠠᠷ ᠦᠷᠨᠢᠭᠦᠯᠪᠡ᠃ ᠪᠦᠬᠦ ᠵᠢᠯ ᠤᠨ ᠵᠢᠭᠤᠯᠴᠢᠯᠡᠯ ᠤᠨ

ᠬᠦᠯᠢᠶᠠᠨ‌ᠠᠪᠬᠤ ᠬᠦᠮᠦᠨ ᠤ ᠲᠤᠭ᠎ᠠ 203 ᠲᠦᠮᠡᠨ‌‍ᠬᠦ᠋ᠮᠦᠨ ᠳᠤ ᠬᠦᠷᠴᠦ᠂ 160 ᠲᠦᠮᠡᠨ ᠬᠦᠮᠦᠨ ᠳᠤ ᠬᠦᠷᠭᠡᠬᠦ

ᠬᠠᠷᠠᠯᠲᠡ ᠪᠠᠨ 127% ᠪᠠᠷ ᠪᠡᠶᠡᠯᠡᠭᠦᠯᠵᠦ᠂ ᠵᠢᠭᠤᠯᠴᠢᠯᠡᠯ ᠤᠨ ᠤᠷᠤᠯᠭ᠎ᠠ 10.2 ᠳ᠋ᠦᠩᠰᠢᠭᠤᠷ ᠲᠦᠭᠦᠷᠢᠭ

ᠪᠡᠶᠡᠯᠡᠭᠦᠯᠪᠡ᠃

     ᠨᠢᠭᠡ᠂ ᠤᠳᠤᠷᠢᠳᠬᠤ ᠪᠠᠶᠢᠭᠤᠯᠤᠮᠵᠢ ᠪᠠᠨ ᠲᠡᠭᠦᠯᠲᠡᠷᠵᠢᠭᠦᠯᠵᠦ᠂ ᠵᠢᠭᠤᠯᠴᠢᠯᠡᠯ ᠤᠨ ᠲᠦᠯᠦᠪᠵᠢᠭᠦᠯᠭᠡ ᠶᠢ

ᠨᠠᠶᠢᠷᠠᠭᠤᠯᠤᠭᠰᠡᠨ ᠪᠠᠶᠢᠨ᠎ᠡ᠃ ᠲᠠᠷᠬᠠᠨ ᠮᠤᠤᠮᠢᠩᠭᠠᠨ ᠬᠤᠰᠢᠭᠤᠨ ᠤ ᠵᠢᠭᠤᠯᠴᠢᠯᠡᠯ ᠤᠨ ᠬᠦᠭᠵᠢᠯᠲᠡ ᠶᠢᠨ ᠵᠦᠪᠯᠡᠯ

 ᠢ ᠪᠠᠶᠢᠭᠤᠯᠵᠦ᠂ ᠡᠯ᠎ᠡ ᠬᠠᠮᠢᠶ᠎ᠡ ᠪᠦᠬᠦᠢ ᠰᠠᠯᠠᠭ᠎ᠠ ᠮᠦᠴᠢᠷ ‍ᠤᠨ‌ᠡᠭᠦᠷᠭᠡ ᠬᠠᠷᠢᠭᠤᠴᠠᠯᠭ᠎ᠠ ᠪᠡ ᠠᠵᠢᠯ ᠬᠤᠪᠢᠶᠠᠷᠢᠯᠡᠯ ᠢ

ᠲᠤᠳᠤᠳᠬᠠᠨ᠂ ︽ᠲᠠᠷᠬᠠᠨ ᠮᠤᠤᠮᠢᠩᠭᠠᠨ ᠬᠤᠯᠪᠤᠭᠠᠲᠦ ᠬᠤᠰᠢᠭᠤᠨ ᠤ ︿ᠤᠯᠤᠰ ᠤᠨ ᠲᠡᠰ ᠤᠨ ᠪᠦᠬᠦᠶᠢᠯᠡ ᠤᠷᠤᠨ

ᠪᠦᠰᠡ ᠶᠢᠨ ᠵᠢᠭᠤᠯᠴᠢᠯᠡᠯ ‍ᠤᠨ‌ᠤᠷᠤᠨ﹀ ᠢ ᠪᠦᠲᠦᠭᠡᠨ ᠪᠠᠶᠢᠭᠤᠯᠬᠤ ᠠᠵᠢᠯ ᠤᠨ ᠭᠡᠷᠡᠭᠵᠢᠭᠦᠯᠬᠦ ᠲᠦᠰᠦᠪ︾ ᠢ

ᠲᠠᠷᠬᠠᠭᠠᠵᠦ᠂ ᠪᠦᠷᠢᠨ ᠲᠡᠭᠦᠯᠲᠡᠷ ᠤᠳᠤᠷᠢᠳᠬᠤ ᠪᠠᠶᠢᠭᠤᠯᠤᠮᠵᠢ ᠶᠢ ᠪᠤᠢ ᠪᠤᠯᠭᠠᠪᠡ᠃ ︽ᠲᠡᠷᠬᠠᠨ ᠮᠤᠤᠮᠢᠩᠭᠠᠨ ᠤ

ᠲᠤᠮᠦ ᠦᠵᠡᠮᠵᠢ ᠶᠢᠨ ᠤᠷᠤᠨ︾ ᠢ ᠪᠦᠲᠦᠭᠡᠨ ᠪᠠᠶᠢᠭᠤᠯᠬᠤ ᠲᠤᠭᠤᠷᠢᠨ ᠳᠤ᠂ ︽ᠲᠠᠷᠬᠠᠨ ᠮᠤᠤᠮᠢᠩᠭᠠᠨ ᠬᠤᠯᠪᠤᠭᠠᠲᠦ

ᠬᠤᠰᠢᠭᠤᠨ ᠤ ᠪᠦᠬᠦᠶᠢᠯᠡ ᠤᠷᠤᠨ ᠪᠦᠰᠡ ᠶᠢᠨ ᠵᠢᠭᠤᠯᠴᠢᠯᠡᠯ ᠤᠨ ᠬᠦᠭᠵᠢᠯᠲᠡ ᠶᠢᠨ ᠲᠦᠯᠦᠪᠵᠢᠭᠦᠯᠭᠡ︾ ᠶᠢ

ᠪᠢᠴᠢᠵᠦ ᠳᠠᠭᠤᠰᠬᠠᠨ᠂ ︽ᠪᠦᠬᠦᠶᠢᠯᠡ ᠤᠷᠤᠨ ᠪᠦᠰᠡ ᠶᠢᠨ ᠵᠢᠭᠤᠯᠴᠢᠯᠡᠯ ᠤᠨ ᠵᠢᠱᠢᠶᠠᠴᠢ ᠤᠷᠤᠨ︾ ᠢ ᠪᠦᠲᠦᠭᠡᠨ

ᠪᠠᠶᠢᠭᠤᠯᠬᠤ ᠬᠤᠪᠢ ᠶᠢᠨ ᠪᠠᠶᠢᠴᠠᠭᠠᠯᠲᠡ ᠵᠢᠨ‌ᠮᠡᠲᠡᠭᠦᠯᠦᠯᠲᠡ︾ ᠨᠠᠶᠢᠷᠠᠭᠤᠯᠵᠦ᠂ ᠴᠤᠭᠯᠠᠭᠤᠯᠤᠭᠰᠡᠨ ᠪᠢᠴᠢᠭ

ᠮᠠᠲ᠋ᠧᠷᠢᠶᠠᠯ ᠢᠶᠠᠨ ᠬᠤᠷᠢᠶᠠᠩᠭᠤᠶᠢᠯᠠᠨ ᠡᠮᠬᠢᠳᠭᠡᠵᠦ᠂ ᠰᠤᠹᠲ ᠮᠠᠲ᠋ᠧᠷᠢᠶᠡᠯ ᠤᠨ ᠲᠠᠩᠰᠡ ᠡᠪᠭᠡᠮᠡᠯ ᠪᠤᠯᠭᠠᠵᠦ᠂

ᠦᠪᠡᠷᠲᠡᠭᠡᠨ ᠵᠠᠰᠠᠬᠤ ᠤᠷᠤᠨ ᠳᠤ ᠲᠡᠪᠰᠢᠭᠦᠯᠪᠡ᠃

     ᠬᠤᠶᠠᠷ᠂ ᠭᠤᠤᠯᠲᠠᠯᠭᠠᠲᠦ ᠦᠵᠡᠮᠵᠢ ᠶᠢᠨ ᠤᠷᠤᠨ ᠢ ᠪᠠᠶᠢᠭᠤᠯᠵᠦ᠂ ᠵᠢᠭᠤᠯᠴᠢᠯᠠᠯ ᠤᠨ ᠰᠠᠭᠤᠷᠢ

ᠲᠦᠭᠦᠭᠡᠷᠦᠮᠵᠢ ᠶᠢ ᠲᠡᠭᠦᠯᠲᠡᠷᠵᠢᠭᠦᠯᠦᠭᠰᠡᠨ ᠪᠠᠶᠢᠨ᠎ᠡ᠃ 2810 ᠲᠦᠮᠡᠨ ᠲᠦᠭᠦᠷᠢᠭ ᠤᠨ ᠪᠡᠯᠡ‌ᠤᠷᠤᠭᠤᠯᠵᠦ᠂ 7

ᠵᠢᠭᠤᠯᠴᠢᠯᠡᠯ ᠤᠨ ᠦᠷᠲᠡᠭᠡ᠂ 85 ᠵᠢᠭᠤᠯᠴᠢᠯᠡᠯ ᠤᠨ ᠵᠤᠷᠯᠦᠩ ᠪᠠᠶᠢᠭᠤᠯᠵᠦ᠂ 78 ᠵᠢᠭᠤᠯᠴᠢᠯᠡᠯ ᠤᠨ ᠢᠯᠡᠷᠬᠡᠶᠢᠯᠡᠯ

ᠲᠡᠮᠲᠡᠭ ᠤᠨ ᠫᠠᠶᠢᠰᠡ ᠲᠤᠬᠢᠷᠠᠭᠤᠯᠵᠦ᠂ 23 ᠴᠢᠯᠦᠭᠡᠲᠦ ᠠᠶᠠᠯᠡᠯ ᠤᠨ ᠪᠠᠭᠤᠴᠡ ᠶᠢᠨ ᠰᠠᠭᠤᠷᠢ ᠲᠦᠭᠦᠭᠡᠷᠦᠮᠵᠢ ᠶᠢ

ᠲᠡᠭᠦᠯᠳᠡᠷᠵᠢᠭᠦᠯᠪᠡ᠃ 12 ᠰᠤᠮᠦ ᠪᠠᠯᠭᠠᠰᠤᠨ ᠳᠤ ᠵᠤᠭᠠᠴᠠᠭᠰᠡᠳ ᠲᠤ ᠦᠢᠯᠡᠴᠢᠯᠡᠬᠦ ᠲᠦᠪ ᠢ ᠪᠠᠶᠢᠭᠤᠯᠵᠦ᠂

ᠵᠤᠭᠠᠴᠠᠭᠰᠡᠳ ᠤᠨ ᠯᠡᠪᠯᠡᠨ ᠠᠰᠠᠭᠤᠬᠤ ᠪᠡ ᠲᠦᠪᠯᠡᠷᠡᠭᠦᠯᠦᠨ ᠲᠡᠷᠬᠠᠭᠠᠬᠤ ᠦᠢᠯᠡᠴᠢᠯᠡᠭᠡᠨ ᠤ ᠰᠢᠰᠲ᠋ᠧᠮ ᠠᠩᠬ᠎ᠠ

ᠪᠦᠷᠢᠯᠳᠦᠪᠡ᠃ ᠶᠡᠭᠡ ᠳ᠋ᠡᠶᠢᠲᠨ ᠶᠢᠨ ᠲᠦᠪ ᠢ ᠪᠠᠶᠢᠭᠤᠯᠦᠨ ᠠᠰᠢᠭᠯᠠᠯᠲᠡ ᠳᠤ ᠤᠷᠤᠭᠤᠯᠵᠦ᠂ ᠵᠢᠭᠤᠯᠴᠢᠯᠡᠯ ᠤᠨ

ᠤᠶᠤᠨᠴᠢᠯᠠᠭᠰᠡᠨ ᠬᠠᠮᠢᠶᠠᠷᠤᠯᠲᠡ ᠶᠢ ᠪᠡᠶᠡᠯᠡᠭᠦᠯᠦᠭᠰᠡᠨ ᠲᠡᠯ᠎ᠡ ᠪᠠᠷ ᠦᠪᠡᠷᠲᠡᠭᠡᠨ ᠵᠠᠰᠠᠬᠤ ᠤᠷᠤᠨ ᠤ ᠲᠦᠷᠦᠭᠦᠨ

ᠡᠩᠨᠡᠭᠡᠨ ᠳᠤ ᠤᠷᠤᠪᠡ᠃ ︽1+3︾ ᠵᠢᠭᠤᠯᠴᠢᠯᠡᠯ ᠤᠨ ᠶᠡᠷᠦᠩᠬᠡᠶᠢᠯᠡᠭᠰᠡᠨ ᠬᠠᠦᠯᠢ ᠭᠡᠷᠡᠭᠵᠢᠭᠦᠯᠬᠦ ᠪᠠᠶᠢᠭᠤᠯᠤᠮᠵᠢ ᠶᠢ

ᠪᠠᠶᠢᠭᠤᠯᠵᠦ᠂ ᠦᠵᠡᠮᠵᠢ ᠶᠢᠨ ᠤᠷᠤᠨ ᠤ ᠬᠠᠦᠯᠢᠴᠢᠯᠠᠭᠰᠡᠨ᠂ ᠲᠦᠷᠢᠮᠵᠢᠭᠰᠡᠨ ᠬᠠᠮᠢᠶᠠᠷᠦᠯᠲᠡ ᠶᠢᠨ ᠬᠢᠷᠢ ᠲᠦᠪᠰᠢᠨ

ᠢᠯᠡᠳᠲᠡ ᠲᠡᠭᠡᠭᠰᠢᠯᠡᠪᠡ᠃ ᠰᠢᠷᠠᠮᠦ᠋ᠷᠡᠨ ᠤ ᠵᠢᠭᠤᠯᠴᠢᠯᠡᠯ ᠤᠨ ᠤᠷᠤᠨ ᠵᠢᠴᠢ ᠪᠠᠯᠭᠠᠰᠤᠨ ᠲᠤᠭᠤᠷᠢᠭ ᠤᠨ ᠲᠡᠰ

ᠲᠡᠪᠰᠢᠭᠦᠯᠬᠦ ᠢᠨᠵᠧᠨᠧᠷᠢᠩ ᠢ ᠪᠦᠬᠦ ᠲᠠᠯ᠎ᠡ ᠪᠠᠷ ᠦᠷᠨᠢᠭᠦᠯᠵᠦ᠂ 300 ᠭᠠᠷᠤᠢ ᠬᠦᠮᠦᠨ ᠬᠦᠯᠢᠶᠡᠨ ᠵᠤᠴᠢᠯᠠᠬᠤ

ᠬᠦᠴᠦᠨ ᠲᠠᠢ 30 ᠵᠤᠭᠠᠴᠡᠯ ᠰᠡᠯᠡᠭᠦᠴᠡᠯ ᠤᠨ ᠭᠠᠵᠠᠷ ᠤᠨ ᠮᠤᠩᠭᠤᠯ ᠭᠡᠷ ᠢ ᠰᠢᠨᠡᠳᠭᠡᠨ ᠵᠠᠰᠠᠪᠡ᠃ ᠵᠢᠮᠢᠰᠲᠠᠢ

ᠦᠵᠡᠮᠵᠢ ᠶᠢᠨ ᠤᠷᠤᠨ ᠤ ᠲᠤᠨᠤᠭ ᠲᠦᠭᠦᠭᠡᠷᠦᠮᠵᠢ ᠶᠢᠨ ᠰᠢᠨᠡᠳᠭᠡᠨ ᠲᠡᠰ ᠲᠡᠪᠰᠢᠭᠦᠯᠬᠦ ᠢᠨᠵᠧᠨᠧᠷᠢᠩ ᠢ

ᠪᠡᠶᠡᠯᠡᠭᠦᠯᠵᠦ᠂ ᠪᠠᠢ ᠯᠢᠩ ᠨᠠᠭᠠᠳᠤᠮ ᠰᠤᠶᠤᠯ ‍ᠤᠨ‌ᠠᠵᠦ ᠦᠢᠯᠡᠰ ᠤᠨ ᠲᠤᠭᠤᠷᠢᠭ ᠲᠤ ᠲᠦᠷᠪᠡᠨ ᠤᠯᠤᠰ ᠤᠨ ᠵᠠᠩ

ᠦᠢᠯᠡ ᠶᠢᠨ ᠬᠦᠷᠢᠶᠠᠯᠡᠩ᠂ ᠠᠮᠢ ᠠᠬᠤᠢ ᠶᠢᠨ ᠬᠦᠷᠢᠶᠠᠯᠠᠩ᠂ ᠤᠯᠡᠨ ᠰᠦᠮ᠎ᠡ ᠬᠠᠭᠤᠴᠢᠨ ᠬᠤᠲᠡ ᠶᠢᠨ ᠰᠠᠷᠭᠦᠭᠡᠬᠦ

ᠢᠨᠵᠧᠨᠧᠷᠢᠩ ᠵᠡᠷᠭᠡ ᠶᠢ ᠪᠦᠲᠦᠭᠡᠨ ᠪᠠᠶᠢᠭᠤᠯᠤᠨ᠎ᠡ᠃

     ᠭᠤᠷᠪᠡ᠂ ᠦᠵᠡᠮᠵᠢ ᠶᠢᠨ ᠤᠷᠤᠨ ᠤ A ᠲᠡᠰ ᠪᠡ ᠤᠳᠤᠨ ᠲᠡᠰ ᠦᠨᠡᠯᠡᠬᠦ ᠶᠡᠪᠤᠴᠡ ᠶᠢ ᠲᠦᠷᠭᠡᠳᠭᠡᠵᠦ᠂

ᠵᠢᠭᠤᠯᠴᠢᠯᠡᠯ ᠤᠨ ᠲᠡᠰ ᠢ ᠲᠡᠪᠰᠢᠭᠦᠯᠦᠨ᠎ᠡ᠃ ᠬᠠᠪᠤᠲᠦ ᠬᠠᠰᠠᠷ ᠤᠨ ᠲᠡᠬᠢᠯᠭ᠎ᠠ ᠶᠢᠨ ᠤᠷᠳᠤᠨ᠂ ᠬᠤᠩᠭᠤᠷ ᠤᠪᠤᠭ᠎ᠠ

ᠤᠯᠤᠰ ᠤᠨ 3A ᠲᠡᠰ ᠤᠨ ᠦᠵᠡᠮᠵᠢ ᠶᠢᠨ ᠤᠷᠤᠨ ᠢᠶᠠᠷ ᠦᠨᠡᠯᠡᠭᠳᠡᠵᠦ᠂ ᠪᠢᠯᠢᠭᠲᠡᠢ ᠦᠨᠳᠦᠰᠦᠲᠡᠨ ᠤ ᠢᠳᠡᠭᠡᠨ

ᠤᠮᠳᠠᠭᠠᠨ ᠤ ᠦᠢᠯᠡᠳᠪᠦᠷᠢ ᠤᠯᠤᠰ ᠤᠨ 2A ᠲᠡᠰ ᠤᠨ ᠦᠵᠡᠮᠵᠢ ᠶᠢᠨ ᠤᠷᠤᠨ ᠢᠶᠠᠷ ᠦᠨᠡᠯᠡᠭᠳᠡᠵᠦ᠂ 5

ᠲᠤᠰᠬᠤᠨ ᠡᠷᠦᠭᠡ ᠶᠢ 3 ᠤᠳᠤᠨ ᠲᠡᠰ ᠠᠴᠠ ᠲᠡᠭᠡᠭᠰᠢ ᠵᠢᠭᠤᠯᠴᠢᠯᠠᠯ ᠤᠨ ᠤᠨᠴᠠᠯᠢᠠᠠᠲᠦ ᠲᠣᠰᠬᠤᠨ ᠡᠷᠦᠭᠡ

ᠪᠤᠯᠭᠠᠨ ᠪᠦᠲᠦᠭᠡᠨ ᠪᠠᠶᠢᠭᠤᠯᠬᠤ ᠪᠠᠷ ᠲᠡᠭᠡᠲᠦ ᠱᠠᠲᠦᠨ ᠳᠤ ᠲᠡᠪᠰᠢᠭᠦᠯᠪᠡ᠃ ᠪᠦᠭᠦ ᠬᠤᠰᠢᠭᠤᠨ ᠤ A ᠲᠡᠰ ᠤᠨ

ᠦᠵᠡᠮᠵᠢ ᠶᠢᠨ ᠤᠷᠤᠨ 9 ᠳᠤ ᠬᠦᠷᠴᠦ᠂ ᠤᠳᠤᠨ ᠲᠡᠰ ᠤᠨ ᠵᠢᠭᠤᠯᠴᠢᠯᠠᠯ ᠤᠨ ᠤᠨᠴᠠᠯᠢᠠᠠᠲᠦ ᠲᠣᠰᠬᠤᠨ ᠡᠷᠦᠭᠡ

31 ᠪᠤᠯᠪᠡ᠃ ᠪᠠᠢ ᠯᠢᠩ ᠨᠠᠭᠠᠳᠤᠮ ᠰᠤᠶᠤᠯ ᠤᠨ ᠠᠵᠦ ᠦᠢᠯᠡᠰ ᠤᠨ ᠲᠤᠭᠤᠷᠢᠭ ᠨᠢ ᠤᠷᠤᠨ ᠤ 4A ᠲᠡᠰ ᠤᠨ

ᠦᠵᠡᠮᠵᠢ ᠶᠢᠨ ᠤᠷᠤᠨ ᠢᠶᠠᠷ ᠦᠨᠡᠯᠡᠭᠳᠡᠪᠡ᠃

     ᠲᠦᠷᠪᠡ᠂ ᠬᠤᠰᠢᠭᠤᠨ ᠤ ᠦᠪᠡᠷᠮᠢᠴᠡ ᠤᠨᠴᠠᠯᠢᠭ ᠢᠶᠠᠨ ᠲᠤᠪᠤᠶᠢᠯᠭᠠᠵᠦ᠂ ᠵᠢᠭᠤᠯᠴᠢᠯᠡᠯ ᠤᠨ ᠰᠤᠳᠤᠨ ᠵᠠᠮ

ᠱᠤᠭᠤᠮ ᠢ ᠴᠤᠭᠴᠠᠯᠠᠨ᠎ᠡ᠃ 600 ᠺᠢᠯᠣᠮᠧᠲᠷ ᠲᠠᠷᠬᠠᠨ ᠮᠣᠣᠮᠢᠩᠭᠠᠨ ᠢ ᠲᠣᠭᠤᠷᠢᠨ ᠵᠤᠭᠠᠴᠠᠬᠤ ︽ᠲᠠᠯ᠎ᠠ ᠨᠤᠲᠤᠭ

 ᠤᠨ ᠴᠢᠯᠦᠬᠡᠲᠦ ᠠᠶᠠᠯᠠᠯ︾ ‍ᠤᠨ‌ᠦᠵᠡᠮᠵᠢ ᠶᠢᠨ ᠪᠦᠰᠡ ᠶᠢ ᠪᠦᠬᠦ ᠲᠡᠯ᠎ᠡ ᠪᠠᠷ ᠪᠠᠶᠡᠯᠡᠭᠦᠯᠬᠦ ᠶᠢᠨ ᠬᠠᠮᠲᠦ ᠪᠠᠭᠠᠲᠤᠷᠯᠢᠭ

ᠲᠡᠯ᠎ᠡ ᠨᠤᠲᠤᠭ ᠤᠨ ᠵᠢᠭᠤᠯᠴᠢᠯᠡᠯ᠂ ᠲᠡᠯ᠎ᠡ ᠨᠤᠲᠤᠭ ᠲᠤ ᠭᠦᠨᠵᠡᠭᠡᠶᠢᠷᠡᠬᠦ ᠵᠢᠭᠤᠯᠴᠢᠯᠡᠯ᠂ ᠬᠦᠳᠡᠭᠡ ᠠᠶᠢᠯ ᠳᠤ

ᠪᠠᠶᠠᠴᠢᠯᠡᠨ ᠦᠢᠯᠠᠭᠠᠬᠤ ᠵᠤᠭᠠᠴᠡᠯ᠂ ᠬᠢᠯᠢ ᠶᠢᠨ ᠪᠤᠭᠤᠮᠲᠡ ᠶᠢᠨ ᠵᠠᠩ ᠦᠢᠯᠡ ᠶᠢᠨ ᠵᠤᠭᠠᠴᠡᠯ᠂ ᠨᠡᠭᠦᠳᠡᠯ ᠰᠤᠶᠤᠯ ᠤᠨ

ᠵᠤᠭᠠᠴᠡᠯ ᠵᠠᠷᠭᠡ 5 ᠰᠤᠳᠤᠨ ᠵᠢᠭᠤᠯᠴᠢᠯᠡᠯ ᠤᠨ ᠵᠠᠮ ᠱᠣᠭᠤᠮ ᠢ ᠤᠯᠡᠮ ᠨᠢᠭᠡ ᠠᠯᠬᠤᠮ ᠲᠡᠭᠦᠯᠲᠡᠷᠵᠢᠭᠦᠯᠵᠦ᠂

ᠡᠷᠡᠯᠭᠡᠭ ᠪᠦᠷᠭᠦᠳ ᠵᠤᠭᠠᠴᠡᠯ ᠰᠡᠯᠡᠭᠦᠴᠡᠯ ᠤᠨ ᠭᠠᠵᠠᠷ — ᠬᠤᠲᠡᠯᠡ ᠨᠡᠶᠢᠯᠡᠭᠦᠯᠦᠭᠴᠢ ᠰᠦᠮ᠎ᠡ — ᠪᠢᠯᠢᠭᠲᠡᠢ

ᠦᠨᠳᠦᠰᠦᠲᠡᠨ ᠤᠨ ᠢᠳᠡᠭᠡᠨ ᠤᠮᠳᠠᠭᠠᠨ ᠤ ᠦᠢᠯᠡᠳᠪᠦᠷᠢ — ᠬᠤᠩᠭᠤᠷ ᠤᠪᠤᠭ᠎ᠠ — ᠲᠡᠮᠡᠭᠡᠨᠴᠢᠷ ᠬᠤᠨᠢ

 ᠶᠢᠨ ᠬᠦᠷᠢᠶᠡᠯᠡᠩ ᠰᠢᠷᠠᠮᠦ᠋ᠷᠡᠨ ᠤ ᠨᠢᠭᠡ ᠬᠤᠨᠤᠭ ᠤᠨ ᠵᠢᠭᠤᠯᠴᠢᠯᠡᠯ ᠤᠨ ᠵᠠᠮ ᠱᠣᠭᠤᠮ ᠢ ᠪᠦᠷᠢᠯᠳᠦᠭᠦᠯᠪᠡ᠃ ᠠᠭᠠᠷ

 ᠤᠨ ᠠᠶᠠᠯᠡᠯ ᠤᠨ ᠵᠢᠭᠤᠯᠴᠢᠯᠡᠯ᠂ ᠲᠡᠮᠦᠷ ᠵᠠᠮ ᠤᠨ ᠵᠢᠭᠤᠯᠴᠢᠯᠡᠯ᠂ ᠬᠢᠯᠢ ᠠᠯᠤᠰᠯᠠᠭᠰᠡᠨ ᠵᠢᠭᠤᠯᠴᠢᠯᠡᠯ ᠵᠡᠷᠭᠡ

ᠵᠢᠭᠤᠯᠴᠢᠯᠡᠯ ᠤᠨ ᠰᠢᠨ᠎ᠡ ᠦᠢᠯᠡᠰ ᠢ ᠠᠬᠢᠭᠤᠯᠤᠨ᠎ᠡ᠃ ᠤᠳᠤᠬᠠᠨ ᠳᠤ᠂ ᠡᠳᠡᠭᠡᠷ ᠲᠦᠷᠦᠯ ᠵᠦᠢᠯ ᠤᠨ ᠲᠦᠰᠦᠯ ᠢ

ᠪᠦᠷ ᠨᠠᠶᠢᠷᠠᠭᠤᠯᠵᠦ ᠳᠠᠭᠤᠰᠬᠠᠨ᠂ ᠬᠠᠮᠢᠶ᠎ᠡ ᠪᠦᠭᠦᠢ ᠰᠠᠯᠠᠭ᠎ᠠ ᠮᠦᠴᠢᠷ ᠪᠡ ᠡᠯ᠎ᠡ ᠵᠢᠭᠤᠯᠴᠢᠯᠡᠯ ᠤᠨ ᠬᠤᠷᠢᠶ᠎ᠡ ᠲᠠᠢ

ᠬᠠᠷᠢᠯᠴᠠᠵᠦ᠂ ᠨᠡᠭᠦᠳᠡᠯ ᠰᠤᠶᠤᠯ ᠤᠨ ᠨᠠᠶᠢᠷ ᠤᠨ ᠬᠤᠭᠤᠴᠠᠭᠠᠨ ᠳᠤ ᠲᠦᠪᠯᠡᠷᠡᠭᠦᠯᠦᠨ ᠶᠡᠪᠤᠭᠳᠠᠭᠤᠯᠤᠨ᠎ᠡ᠃

     ᠲᠡᠪᠦ᠂ ᠲᠤᠮᠦ ᠬᠡᠯᠪᠡᠷᠢ ᠶᠢᠨ ᠵᠢᠭᠤᠯᠴᠢᠯᠡᠯ ᠤᠨ ᠬᠦᠳᠡᠯᠭᠡᠭᠡᠨ ᠦᠷᠨᠢᠭᠦᠯᠵᠦ᠂ ᠲᠦᠷᠪᠡᠨ ᠤᠯᠠᠷᠢᠯ ᠤᠨ

ᠵᠢᠭᠤᠯᠴᠢᠯᠡᠯ ᠶᠢ ᠪᠠᠶᠡᠯᠡᠭᠦᠯᠦᠨ᠎ᠡ᠃ ᠨᠡᠭᠦᠳᠡᠯ ᠰᠤᠶᠤᠯ ᠤᠨ ᠵᠤᠭᠠᠴᠡᠯ ᠤᠨ ᠨᠠᠶᠢᠷ ᠢ ᠲᠦᠷᠪᠡᠨ ᠵᠢᠯ ᠲᠠᠷᠠᠭᠠᠨᠯᠡᠨ

ᠶᠠᠪᠤᠭᠳᠠᠭᠤᠯᠵᠦ᠂ ᠬᠤᠭᠤᠴᠠᠭᠠᠨ ᠳᠤ᠂ ᠲᠠᠷᠬᠠᠨ ᠮᠣᠣᠮᠢᠩᠭᠠᠨ ᠢ ᠲᠣᠭᠤᠷᠢᠨ ᠵᠤᠭᠠᠴᠠᠬᠤ ︽ᠲᠠᠯ᠎ᠠ ᠨᠤᠲᠤᠭ ᠤᠨ

ᠴᠢᠯᠦᠬᠡᠲᠦ ᠠᠶᠠᠯᠠᠯ︾᠂ ᠲᠡᠭᠷᠢ ᠨᠠᠭᠤᠷ ᠤᠨ ᠭᠡᠷᠡᠯ ᠵᠢᠷᠤᠭ ᠤᠨ ᠨᠠᠶᠢᠷ᠂ ︽ᠲᠦᠮᠡᠨ ᠭᠠᠵᠠᠷ ᠤᠨ ᠲᠡᠮᠡᠭᠡᠨ ᠵᠢᠩ︾ ᠤᠨ

ᠵᠤᠭᠠᠴᠠᠯ᠂ ︽ᠲᠦᠮᠡᠨ ᠠᠭᠲᠡ ᠶᠢᠨ ᠲᠦᠪᠡᠷᠭᠡᠨ︾ ᠤ ᠠᠳᠤᠭᠤᠨ ᠴᠤᠭᠯᠠᠭᠠᠨ ᠵᠠᠷᠭᠡ 19 ᠵᠦᠢᠯ ᠤᠨ ᠵᠢᠭᠤᠯᠴᠢᠯᠡᠯ

 ᠤᠨ ᠬᠦᠳᠡᠯᠭᠡᠭᠡᠨ ᠦᠷᠨᠢᠭᠦᠯᠵᠦ᠂ ᠰᠤᠶᠤᠯ ᠵᠢᠭᠤᠯᠴᠢᠯᠡᠯ ᠤᠨ ᠠᠭᠤᠰᠤᠯᠴᠡᠨ ᠬᠦᠭᠵᠢᠬᠦ ᠶᠢ ᠠᠬᠢᠭᠤᠯᠪᠡ᠃ ᠪᠠᠢ ᠯᠢᠩ

ᠨᠠᠭᠠᠳᠤᠮ ᠰᠣᠶᠣᠯ ᠤᠨ ᠠᠵᠦ ᠦᠢᠯᠡᠰ ᠤᠨ ᠲᠤᠭᠤᠷᠢᠭ ᠲᠤ ᠡᠪᠤᠯ ᠤᠨ ᠤᠯᠠᠷᠢᠯ ᠤᠨ ᠮᠦᠰᠦ ᠴᠠᠰᠤᠲᠦ

ᠬᠦᠷᠢᠶᠠᠯᠡᠩ ᠢ ᠪᠠᠶᠢᠭᠤᠯᠵᠦ᠂ ᠴᠰᠦ ᠭᠤᠯᠭᠤᠬᠤ ᠲᠡᠯᠠᠪᠠᠢ ᠪᠠᠶᠢᠭᠤᠯᠪᠡ᠃ ᠰᠢᠷᠠᠮᠦ᠋ᠷᠡᠨ ᠤ ᠡᠷᠡᠯᠭᠡᠭ ᠪᠦᠷᠭᠦᠳ ᠮᠦᠰᠦ

ᠴᠠᠰᠣᠲᠦ ᠶᠢᠷᠲᠢᠨᠴᠦ ᠶᠢ ᠪᠦᠷᠢᠨᠰᠢᠭᠦᠯᠵᠦ᠂ ᠮᠦᠰᠦ ᠴᠠᠰᠦᠨ ᠤ ᠵᠤᠭᠠᠴᠡᠯ ‍ᠤᠨ‌ᠨᠠᠶᠢᠷ ᠢ ᠬᠤᠶᠠᠷ ᠤᠳᠠᠭ᠎ᠠ ᠲᠠᠷᠠᠭᠠᠯᠡᠨ

ᠠᠮᠵᠢᠯᠲᠡ ᠲᠠᠢ ᠶᠠᠪᠤᠭᠳᠠᠭᠤᠯᠵᠦ᠂ ᠡᠪᠦᠯ ᠤᠨ ᠤᠯᠠᠷᠢᠯ ᠤᠨ ᠵᠤᠭ᠎ᠠ ᠴᠡᠩᠭᠡᠯ ᠤᠨ ᠬᠦᠳᠡᠯᠭᠡᠭᠡᠨ ᠢ ᠪᠠᠶᠠᠯᠢᠭᠵᠢᠭᠤᠯᠵᠦ᠂

ᠲᠦᠷᠪᠡᠨ ᠤᠯᠠᠷᠢᠯ ᠤᠨ ᠵᠢᠭᠤᠯᠴᠢᠯᠡᠯ ᠢ ᠪᠡᠶᠡᠯᠡᠭᠦᠯᠪᠡ᠃

     ᠵᠢᠷᠭᠤᠭ᠎ᠠ᠂ ᠵᠢᠭᠤᠯᠴᠢᠯᠡᠯ ᠤᠨ ᠤᠬᠠᠭᠤᠯᠬ᠎ᠠ ᠶᠢᠨ ᠠᠵᠢᠯ ᠢ ᠰᠠᠶᠢᠳᠤᠷ ᠬᠢᠵᠦ᠂ ᠵᠢᠭᠤᠯᠴᠢᠯᠡᠯ ᠤᠨ ᠰᠠᠶᠢᠨ ᠬᠡᠪ

ᠲᠦᠷᠭᠦ ᠢ ᠪᠤᠢ ᠪᠤᠯᠭᠠᠨ᠎ᠡ᠃ ᠵᠢᠭᠤᠯᠴᠢᠯᠡᠯ ‍ᠤᠨ‌ᠤᠬᠠᠭᠤᠯᠭ᠎ᠠ ᠵᠢᠨ‌ᠠᠵᠢᠯ ᠢᠶᠠᠨ ᠪᠦᠬᠦ ᠲᠡᠯ᠎ᠡ ᠪᠠᠷ ᠵᠠᠬ᠎ᠠ ᠲᠡᠯᠭᠡᠭᠦᠷ

ᠲᠡᠰᠢ ᠦᠷᠭᠡᠳᠭᠡᠵᠦ᠂ ︽ᠲᠠᠷᠬᠠᠨ ᠮᠤᠤᠮᠢᠩᠭᠠᠨ ᠤ ᠴᠢᠯᠦᠭᠡᠲᠦ ᠠᠶᠠᠯᠠᠯ︾ ᠤᠬᠭᠠᠯᠭ᠎ᠠ ᠶᠢᠨ ᠪᠠᠷᠢᠮᠲᠠᠲᠦ ᠹᠢᠯᠢᠮ

ᠭᠠᠷᠭᠠᠵᠦ᠂ ᠤᠨᠴᠠᠯᠢᠭ ᠢᠶᠠᠨ ᠲᠤᠪᠤᠶᠢᠯᠭᠠᠵᠦ᠂ ᠬᠤᠰᠢᠭᠤᠨ ᠤᠨ ᠭᠠᠳᠡᠨ᠎ᠡ ᠲᠤᠲᠤᠨᠠᠬᠢ ᠡᠯ᠎ᠡ ᠵᠠᠭᠤᠴᠢᠯᠠᠭᠤᠷ᠂

ᠤᠨᠴᠠᠭᠠᠶᠢᠯᠡᠨ‌ᠦᠪᠦᠷ ᠮᠤᠩᠭᠤᠯ ᠤᠨ ᠲᠧᠯᠸᠢᠰ ᠬᠤᠷᠢᠶ᠎ᠡ᠂ ᠪᠤᠭᠤᠲᠦ ᠬᠤᠲᠡ ᠶᠢᠨ ᠲᠧᠯᠸᠢᠰ ᠬᠤᠷᠢᠶ᠎ᠡ ᠵᠡᠷᠭᠡ

ᠲᠡᠭᠡᠳᠦ ᠱᠠᠲᠦᠨ ᠤ ᠮᠡᠲᠡᠭᠡ ᠵᠠᠭᠤᠴᠢᠯᠠᠭᠤᠷ ᠢ ᠠᠰᠢᠭᠯᠡᠨ ᠲᠡᠷᠠᠬᠨ ᠮᠤᠤᠮᠢᠩᠭᠠᠨ ᠢᠶᠠᠨ ᠪᠦᠭᠦ ᠲᠡᠯ᠎ᠡ ᠪᠠᠷ

ᠤᠬᠠᠭᠤᠯᠤᠨ᠎ᠡ᠃ ᠲᠠᠷᠬᠠᠨ ᠮᠤᠤᠮᠢᠩᠭᠠᠨ ᠤ ᠵᠢᠭᠤᠯᠴᠢᠯᠡᠯ ᠤᠨ ᠰᠦᠯᠵᠢᠶ᠎ᠡ᠂ ᠸᠢᠴᠠᠲ ᠲᠠᠪᠴᠡᠩ ᠢᠶᠠᠷ

ᠲᠠᠮᠵᠢᠨ‌ᠤᠬᠠᠭᠠᠯᠭ᠎ᠠ ᠬᠢᠵᠦ᠂ ᠤᠬᠢ ᠰᠠᠶᠢᠨ ᠬᠢᠷᠢ ᠪᠦᠲᠦᠮᠵᠢ ᠤᠯᠪᠡ᠃ ᠵᠢᠭᠤᠯᠴᠢᠯᠡᠯ ᠤᠨ ᠲᠠᠨᠢᠯᠴᠠᠭᠤᠯᠭ᠎ᠠ ᠶᠢᠨ

ᠬᠤᠷᠡᠯ ᠳᠤ ᠢᠳᠡᠪᠬᠢᠯᠡᠨ‌ᠤᠷᠤᠯᠴᠠᠵᠦ᠂ ᠪᠡᠭᠡᠵᠢᠩ ᠲᠢᠶᠠᠨᠵᠢᠨ‌ᠾᠧᠪᠧᠢ ᠤᠷᠤᠨ᠂ ᠬᠦᠬᠡᠬᠤᠲᠡ᠂ ᠪᠤᠭᠤᠲᠦ ᠵᠠᠷᠭᠡ ᠭᠠᠵᠠᠷ

 ᠢᠶᠠᠷ 6 ᠣᠳᠠᠭ᠎ᠠ ᠲᠠᠨᠢᠯᠴᠠᠭᠤᠯᠭ᠎ᠠ ᠶᠢᠨ ᠬᠤᠷᠡᠯ ᠶᠠᠪᠤᠭᠳᠠᠭᠤᠯᠵᠦ᠂ ᠲᠡᠷᠬᠠᠨ ᠮᠤᠤᠮᠢᠩᠭᠠᠨ ᠢᠶᠠᠨ ᠪᠦᠭᠦ ᠲᠡᠯ᠎ᠡ ᠪᠠᠷ

ᠤᠬᠠᠭᠤᠯᠵᠦ᠂ ᠬᠤᠰᠢᠭᠤᠨ ᠤ ᠵᠢᠭᠤᠯᠴᠢᠯᠡᠯ ᠤᠨ ᠨᠡᠷ᠎ᠡ ᠠᠯᠲᠡᠷ ᠢ ᠨᠡᠮᠡᠭᠲᠡᠭᠦᠯᠪᠡ᠃

     ᠬᠦᠲᠦᠯᠦᠭᠴᠢ᠄ 2017 ᠤᠨ᠂ ᠮᠠᠨ ᠤ ᠬᠤᠰᠢᠭᠤᠨ ᠤ ᠵᠢᠭᠤᠯᠴᠢᠯᠡᠯ ᠤᠨ ᠠᠵᠢᠯ ᠤᠨ ᠶᠡᠷᠦᠩᠬᠡᠢ ᠰᠡᠳᠬᠢᠮᠵᠢ

ᠪᠡ ᠬᠠᠷᠠᠯᠲᠡ‌ᠨᠢ ᠶᠠᠭᠤ ᠪᠤᠢ︖

     ᠯᠢᠶᠠᠩ ᠷᠦᠨ ᠱᠤᠸᠠᠨ᠄ 2017 ᠤᠨ᠂ ᠮᠠᠨ ᠤ ᠬᠤᠰᠢᠭᠤᠨ ᠤ ᠵᠢᠭᠤᠯᠴᠢᠯᠡᠯ ‍ᠤᠨ‌ᠠᠵᠢᠯ ᠤᠨ ᠶᠡᠷᠦᠩᠬᠡᠢ

ᠰᠡᠳᠬᠢᠮᠵᠢ ᠪᠤᠯ ︽ᠠᠵᠤ ᠦᠢᠯᠡᠳᠪᠦᠷᠢ ᠪᠠᠷ ᠭᠤᠤᠯᠳᠡᠭᠤᠯᠵᠦ᠂ ᠲᠠᠷᠢᠶᠠᠯᠠᠩ ᠮᠠᠯ ᠠᠵᠤ ᠪᠠᠷ ᠰᠠᠭᠤᠷᠢᠯᠠᠵᠦ᠂

ᠪᠤᠭᠤᠮᠲᠡ ᠪᠠᠷ ᠲᠤᠯᠭᠠᠭᠤᠷᠢᠯᠠᠵᠦ᠂ ᠰᠤᠶᠤᠯ ᠢᠶᠠᠷ ᠳᠠᠭᠠᠭᠤᠯᠵᠦ᠂ ᠵᠢᠭᠤᠯᠴᠢᠯᠡᠯ ᠢᠶᠠᠷ ᠳᠠᠶᠢᠴᠢᠯᠡᠵᠦ᠂ ᠠᠮᠢ ᠠᠬᠤᠢ ᠪᠠᠷ

ᠪᠠᠲᠤᠯᠠᠭ᠎ᠠ ᠪᠤᠯᠭᠠᠬᠤ︾ ᠴᠢᠭᠯᠡᠯᠲᠡ ᠶᠢ ᠪᠦᠬᠦ ᠲᠡᠯ᠎ᠡ ᠪᠠᠷ ᠲᠤᠭᠤᠰᠢᠯᠠᠭᠤᠯᠵᠦ᠂ ︽ᠪᠦᠬᠦᠶᠢᠯᠡ ᠤᠷᠤᠨ ᠪᠦᠰᠡ ᠶᠢᠨ

ᠵᠢᠭᠤᠯᠴᠢᠯᠡᠯ ᠤᠨ ᠤᠷᠤᠨ︾ ᠢ ᠪᠦᠲᠦᠭᠡᠨ‌‍ᠪᠠᠶᠢᠭᠤᠯᠬᠤ ᠪᠠᠷ ᠲᠤᠯᠤᠭᠠᠶᠢᠯᠠᠭᠤᠯᠵᠦ᠂ ︽ᠲᠡᠰ ᠲᠡᠪᠰᠢᠭᠦᠯᠬᠦ᠂

ᠲᠦᠷᠢᠮᠵᠢᠭᠦᠯᠬᠦ᠂ ᠰᠢᠨ᠎ᠡ ᠶᠢ ᠡᠭᠦᠳᠬᠦ᠂ ᠨᠢᠭᠡᠳᠭᠡᠬᠦ︾ ᠬᠦᠭᠵᠢᠯᠲᠡ ᠶᠢᠨ ᠤᠨᠤᠯᠵᠢᠬᠤᠨ ᠶᠤᠰᠤᠭᠠᠷ᠂ ︽ᠨᠢᠭᠡ ᠲᠦᠪ᠂

ᠭᠤᠷᠪᠠᠨ ᠲᠤᠭᠤᠷᠢᠭ᠂ ᠤᠯᠠᠨ ᠱᠠᠲᠦ ᠪᠠᠷ ᠲᠤᠯᠭᠠᠭᠤᠷᠢᠯᠠᠬᠤ︾ ᠵᠢᠭᠤᠯᠴᠢᠯᠡᠯ ᠤᠨ ᠰᠢᠨ᠎ᠡ ᠪᠦᠲᠦᠴᠡ‌‍ᠶᠢ ᠪᠤᠢ

ᠪᠤᠯᠭᠠᠵᠦ᠂ ᠮᠠᠨ ᠤ ᠬᠤᠰᠢᠭᠤ ᠪᠠᠨ ᠬᠦᠬᠡᠬᠤᠲᠡ ᠪᠤᠭᠤᠲᠦ ᠤᠷᠳᠤᠰ ᠭᠤᠷᠪᠠᠨ ᠬᠤᠲᠡ ᠤᠷᠤᠨ ᠤ ᠲᠡᠯ᠎ᠡ ᠨᠤᠲᠤᠭ

 ᠤᠨ ᠵᠤᠭᠠᠴᠠᠨ ᠲᠤᠭᠤᠷᠢᠬᠤ ᠵᠤᠷᠢᠯᠲᠡ ᠭᠠᠵᠠᠷ ᠪᠤᠯᠭᠠᠨ ᠬᠦᠭᠵᠢᠭᠦᠯᠦᠨ᠎ᠡ᠃ ᠪᠦᠬᠦ ᠬᠤᠰᠢᠭᠤᠨ ᠤ ᠵᠢᠭᠤᠯᠴᠢᠯᠡᠯ ᠤᠨ

ᠬᠦᠯᠢᠶᠠᠨ ᠠᠪᠬᠤ ᠬᠦᠮᠦᠨ ᠤ ᠲᠤᠭ᠎ᠠ ᠶᠢ 230 ᠲᠦᠮᠡᠨ ᠠᠴᠠ ᠲᠡᠭᠡᠭᠰᠢ ᠬᠦᠷᠭᠡᠵᠦ᠂ ᠵᠢᠭᠤᠯᠴᠢᠯᠡᠯ ᠤᠨ ᠤᠷᠤᠯᠭ᠎ᠠ

 ᠶᠢ 15 ᠳ᠋ᠦᠩᠰᠢᠭᠤᠷ ᠲᠦᠭᠦᠷᠢᠭ ᠠᠴᠠ ᠳᠡᠭᠡᠭᠰᠢ ᠬᠦᠷᠭᠡᠵᠦ᠂ ᠨᠢᠳᠤᠨᠤᠨ ᠠᠴᠠ ᠲᠤᠰ ᠪᠦᠷᠢ 13% ᠪᠡ 47%

ᠨᠡᠮᠡᠭᠲᠡᠭᠦᠯᠦᠨ᠎ᠡ᠃

     ᠬᠦᠲᠦᠯᠦᠭᠴᠢ᠄ ᠦᠨᠦ ᠵᠢᠯ᠂ ᠵᠢᠭᠤᠯᠴᠢᠯᠡᠯ ᠤᠨ ᠲᠡᠯ᠎ᠡ ᠪᠠᠷ ᠮᠠᠨ ᠤ ᠬᠤᠰᠢᠭᠤ ᠶᠠᠮᠠᠷ ᠠᠵᠢᠯ ᠢ ᠭᠤᠤᠯᠳᠠᠯᠭ᠎ᠠ

 ᠲᠠᠢ ᠬᠢᠬᠦ ᠪᠠᠷ ᠪᠠᠶᠢᠬᠤ ᠪᠤᠢ︖

     ᠯᠢᠶᠠᠩ ᠷᠦᠨ ᠱᠤᠸᠠᠨ᠄ ᠮᠠᠨ ᠤ ᠬᠤᠰᠢᠭᠤ ᠪᠠᠨ ᠬᠦᠬᠡᠬᠤᠲᠡ ᠪᠤᠭᠤᠲᠦ ᠤᠷᠳᠤᠰ ᠭᠤᠷᠪᠠᠨ ᠬᠤᠲᠡ‌ᠤᠷᠤᠨ

 ᠤ ᠲᠡᠯ᠎ᠡ ᠨᠤᠲᠤᠭ ᠤᠨ ᠵᠤᠭᠠᠴᠠᠨ ᠲᠤᠭᠤᠷᠢᠬᠤ ᠵᠤᠷᠢᠯᠲᠡ ᠭᠠᠵᠠᠷ ᠪᠤᠯᠭᠠᠨ ᠬᠦᠭᠵᠢᠭᠦᠯᠵᠦ᠂ ᠵᠢᠭᠤᠯᠴᠢᠯᠡᠯ

‍ᠤᠨ‌ᠦᠢᠯᠡᠰ ᠤᠨ ᠬᠡᠯᠪᠡᠷᠢ ᠶᠢᠨ ᠦᠭᠡᠷᠡᠴᠢᠯᠡᠯᠲᠡ ᠳᠤ ᠨᠡᠩ ᠤᠯᠠᠨ ᠬᠤᠪᠢ ᠨᠡᠮᠡᠷᠢ ᠦᠵᠡᠭᠦᠯᠦᠨ᠂ ᠰᠢᠯᠢᠳᠡᠭ ᠬᠢᠷᠢ

ᠪᠦᠲᠦᠮᠵᠢ ᠪᠠᠷ ᠨᠡᠮ ᠤᠨ ᠠᠷᠪᠡ ᠶᠢᠰᠦᠳᠦᠭᠡᠷ ᠶᠡᠭᠡ ᠬᠤᠷᠡᠯ ᠤᠨ ᠠᠮᠵᠢᠯᠲᠡ ᠲᠠᠢ ᠬᠤᠷᠠᠯᠲᠤᠬᠤ ᠶᠢ ᠤᠭᠲᠤᠬᠤ ᠪᠡ

ᠦᠪᠡᠷᠲᠡᠭᠡᠨ ᠵᠠᠰᠠᠬᠤ ᠤᠷᠤᠨ ᠪᠠᠶᠢᠭᠤᠯᠤᠭᠳᠠᠭᠰᠡᠨ70 ᠵᠢᠯ ᠤᠨ ᠤᠢ ᠶᠢ ᠪᠡᠯᠭᠡᠯᠡᠬᠦ ᠶᠢᠨ ᠲᠦᠯᠦᠭᠡ᠂ ᠮᠠᠨᠤᠰ

ᠲᠤᠤᠷᠠᠬᠢ ᠬᠡᠳᠦᠨ ᠵᠦᠢᠯ ‍ᠤᠨ‌ᠠᠵᠢᠯ ᠢ ᠭᠤᠤᠯᠳᠠᠯᠭ᠎ᠠ ᠲᠠᠢ ᠬᠢᠬᠦ ᠪᠠᠷ ᠪᠠᠶᠢᠨ᠎ᠡ᠄

     ᠨᠢᠭᠡ᠂ ᠵᠢᠭᠤᠯᠴᠢᠯᠡᠯ ᠤᠨ ᠲᠦᠯᠦᠪᠵᠢᠭᠦᠯᠭᠡ ᠪᠠᠨ ᠲᠡᠭᠦᠯᠲᠡᠷᠵᠢᠭᠦᠯᠵᠦ᠂ ︽ᠪᠦᠬᠦᠶᠢᠯᠡ ᠤᠷᠤᠨ ᠪᠦᠰᠡ ᠶᠢᠨ

ᠵᠢᠭᠤᠯᠴᠢᠯᠡᠯ︾ ᠢ ᠴᠤᠭᠴᠠᠯᠠᠨ᠎ᠡ᠃ ᠵᠢᠭᠤᠯᠴᠢᠯᠡᠯ ᠤᠨ ᠲᠦᠯᠦᠪᠵᠢᠭᠦᠯᠭᠡ ᠪᠠᠨ‌‍ᠰᠠᠶᠢᠳᠦᠷ ᠬᠢᠵᠦ᠂ ᠠᠵᠢᠯ ‍ᠤᠨ‌ᠤᠷᠢᠳᠠᠯ

ᠪᠡ ᠰᠠᠭᠤᠷᠢ ᠪᠠᠨ‌‍ᠰᠠᠶᠢᠳᠦᠷ ᠲᠠᠯᠪᠢᠨ᠎ᠡ᠃ ᠡᠯ᠎ᠡ ᠲᠦᠷᠦᠯ ‍ᠤᠨ‌ᠠᠵᠢᠯ ᠢ ᠲᠦᠪᠯᠡᠷᠡᠭᠦᠯᠦᠨ᠂ ᠤᠯᠡᠨ ᠲᠦᠷᠢᠮ ᠢ

ᠨᠢᠭᠡᠳᠭᠡᠨ᠂ ᠲᠦᠯᠦᠪᠯᠡᠭᠡ ᠲᠦᠯᠦᠪᠵᠢᠭᠦᠯᠭᠡ ᠪᠠᠨ‌ᠤᠯᠡᠮ ᠨᠢᠭᠡ ᠠᠯᠬᠤᠮ ᠲᠤᠭᠤᠰᠢᠯᠠᠭᠤᠯᠤᠨ᠂ ︽ᠵᠢᠭᠤᠯᠴᠢᠯᠡᠯ +︾

ᠪᠠᠶᠢᠯᠳᠤᠬᠤ ᠪᠤᠳᠤᠯᠭ᠎ᠠ ᠶᠢ ᠬᠡᠷᠡᠭᠵᠢᠭᠦᠯᠬᠦ ᠶᠢ ᠠᠬᠢᠭᠤᠯᠤᠨ᠎ᠡ᠃

     ᠬᠤᠶᠠᠷ᠂ ᠭᠤᠤᠯᠳᠠᠯᠭᠠᠲᠦ ᠦᠵᠡᠮᠵᠢ ᠶᠢᠨ ᠤᠷᠤᠨ ᠢ ᠪᠠᠶᠢᠭᠤᠯᠬᠤ ᠪᠠᠷ ᠰᠢᠪᠲᠤᠯᠤᠯᠲᠡ ᠪᠤᠯᠭᠠᠵᠦ᠂ ︽

ᠪᠦᠭᠦᠶᠢᠯᠡ ᠤᠷᠤᠨ ᠪᠦᠰᠡ ᠶᠢᠨ ᠵᠢᠭᠤᠯᠴᠢᠯᠡᠯ︾ ᠢ ᠲᠡᠭᠦᠯᠲᠡᠷᠵᠢᠭᠦᠯᠦᠨ᠎ᠡ᠃ ᠦᠵᠡᠮᠵᠢ ᠶᠢᠨ ᠤᠷᠤᠨ ᠤ ᠪᠦᠲᠦᠭᠡᠨ

ᠪᠠᠶᠢᠭᠤᠯᠤᠯᠲᠡ ᠪᠤᠯ ᠵᠢᠭᠤᠯᠴᠢᠯᠡᠯ ‍ᠤᠨ‌ᠦᠢᠯᠡᠰ ᠤᠨ ᠭᠤᠤᠯᠳᠠᠯᠭ᠎ᠠ ᠪᠤᠯᠤᠨ ᠵᠠᠩᠭᠢᠯᠭ᠎ᠠ ᠪᠤᠯᠤᠨ᠎ᠡ᠃ ︽ᠨᠢᠭᠡ ᠲᠦᠪ᠂

ᠭᠤᠷᠪᠠᠨ ᠲᠤᠭᠤᠷᠢᠭ᠂ ᠤᠯᠠᠨ ᠱᠠᠲᠦ ᠪᠠᠷ ᠲᠤᠯᠭᠠᠭᠤᠷᠢᠯᠠᠬᠤ︾ ᠵᠢᠭᠤᠯᠴᠢᠯᠡᠯ ᠤᠨ ᠬᠦᠭᠵᠢᠯᠲᠡ ᠶᠢᠨ

ᠲᠦᠯᠦᠪᠵᠢᠭᠦᠯᠭᠡ ᠶᠤᠰᠤᠭᠠᠷ᠂ ᠪᠦᠭᠦ ᠠᠷᠡᠳ ᠤᠨ ᠬᠦᠴᠦ ᠪᠠᠷ ᠨᠢᠭᠡ ᠪᠦᠯᠦᠭ ᠭᠤᠤᠯᠳᠠᠯᠭᠠᠲᠦ ᠦᠵᠡᠮᠵᠢ ᠶᠢᠨ

ᠤᠷᠤᠨ ᠢ ᠪᠠᠶᠢᠭᠤᠯᠤᠨ᠎ᠡ᠃ ᠨᠢᠭᠡ ᠲᠦᠪ᠂ ᠲᠠᠷᠦᠢ ᠪᠠᠲᠤᠬᠠᠭᠠᠯᠭ᠎ᠠ ᠪᠠᠯᠭᠠᠰᠦ ᠪᠠᠷ ᠲᠦᠪ ᠪᠤᠯᠭᠠᠨ᠂ ᠪᠠᠢ ᠯᠢᠩ

ᠨᠠᠭᠠᠳᠤᠮ ᠰᠤᠶᠤᠯ ᠤᠨ ᠠᠵᠦ ᠦᠢᠯᠡᠰ ᠤᠨ ᠲᠤᠭᠤᠷᠢᠭ᠂ ᠪᠠᠲᠤᠬᠠᠭᠠᠯᠭ᠎ᠠ ᠶᠢᠨ ᠶᠠᠫᠤᠨ ᠢ ᠡᠰᠡᠷᠭᠦᠴᠡᠭᠰᠡᠨ ᠵᠠᠪᠰᠡᠭᠲᠦ

ᠪᠤᠰᠤᠯᠭ᠎ᠠ ᠶᠢᠨ ᠵᠢᠭᠤᠯᠴᠢᠯᠡᠯ ᠤᠨ ᠤᠷᠤᠨ᠂ ᠡᠩᠭᠡ ᠠᠮᠤᠭᠤᠯᠠᠩ ᠤᠨ ᠴᠡᠷᠢᠭ ᠤᠨ ᠬᠤᠸᠠᠷᠡᠨ᠂ ᠤᠯᠠᠨ ᠰᠦᠮ᠎ᠡ ᠶᠢᠨ

ᠬᠠᠭᠤᠴᠢᠨ ᠬᠤᠲᠡ ᠶᠢᠨ ᠪᠠᠭᠤᠷᠢ᠂ ᠪᠠᠲᠤᠬᠠᠭᠠᠯᠠᠭ᠎ᠠ ᠶᠢᠨ ᠵᠠᠩ ᠦᠢᠯᠡ ᠶᠢᠨ ᠪᠠᠯᠭᠠᠰᠦ᠂ ᠶᠡᠭᠡ ᠬᠠᠶᠢᠯᠠᠰᠤᠲᠠᠢ ᠵᠠᠷᠭᠡ

6 ᠭᠤᠤᠯᠳᠠᠯᠭᠠᠲᠦ ᠦᠵᠡᠮᠵᠢ ᠶᠢᠨ ᠤᠷᠤᠨ ᠢ ᠪᠦᠲᠦᠭᠡᠨ ᠪᠠᠶᠢᠭᠤᠯᠤᠨ᠎ᠡ᠃ ᠭᠤᠷᠪᠠᠨ ᠲᠤᠭᠤᠷᠢᠭ‌ᠨᠢ ᠪᠤᠯ ᠰᠢᠷᠠᠮᠦ᠋ᠷᠡᠨ

 ᠤ ᠵᠠᠩ ᠦᠢᠯᠡ ᠶᠢᠨ ᠵᠢᠭᠤᠯᠴᠢᠯᠡᠯ ᠤᠨ ᠪᠠᠯᠭᠠᠰᠦ ᠶᠢ ᠪᠦᠬᠦ ᠲᠡᠯ᠎ᠡ ᠪᠠᠷ ᠪᠠᠶᠢᠭᠤᠯᠵᠦ᠂ ᠬᠤᠰᠢᠭᠤᠨ ᠡᠭᠦᠲᠡ‌ᠡᠴᠠ

ᠬᠤᠩᠭᠤᠷ ᠤᠪᠤᠭ᠎ᠠ ᠬᠦᠷᠬᠦ ᠦᠵᠡᠮᠵᠢ ᠶᠢᠨ ᠪᠦᠰᠡ ᠶᠢ ᠴᠤᠭᠴᠠᠯᠠᠨ᠎ᠡ᠃ ᠪᠤᠭᠤᠮᠲᠡ ᠶᠢᠨ ᠬᠢᠯᠢ ᠠᠯᠤᠰᠯᠠᠭᠰᠡᠨ

ᠬᠠᠮᠲᠤᠷᠡᠯ ᠤᠨ ᠲᠤᠭᠤᠷᠢᠭ ᠪᠠᠷ ᠲᠦᠪ ᠪᠤᠯᠭᠠᠨ᠂ ᠬᠢᠯᠢ ᠶᠢᠨ ᠭᠠᠳᠠᠨ᠎ᠡ ᠲᠤᠲᠤᠨ᠎ᠡ 25 ᠺᠢᠯᠤᠮᠧᠲᠷ ᠤᠨ ᠬᠡᠪᠴᠢᠶᠠᠨ

 ᠳᠤ ᠨᠢᠭᠡ ᠪᠦᠯᠦᠭ ᠮᠠᠯᠴᠢᠨ ᠠᠶᠢᠯ ᠤᠨ ᠵᠤᠭᠠᠴᠡᠯ ᠢ ᠬᠦᠭᠵᠢᠭᠦᠯᠵᠦ᠂ ᠬᠢᠯᠢ ᠠᠯᠤᠰᠯᠠᠭᠰᠡᠨ ᠵᠢᠭᠤᠯᠴᠢᠯᠡᠯ ᠢ ᠨᠡᠭᠡᠭᠡᠨ

ᠠᠰᠢᠭᠯᠠᠨ᠎ᠡ᠃ ᠬᠠᠰᠠᠷ ᠦᠵᠡᠮᠵᠢ ᠵᠢᠨ‌ᠤᠷᠤᠨ ᠨᠢ ᠬᠠᠪᠤᠲᠦ ᠬᠠᠰᠠᠷ ᠤᠨ ᠲᠠᠬᠢᠯᠭ᠎ᠠ ᠶᠢᠨ ᠤᠷᠳᠤᠨ ᠢᠶᠠᠷ ᠲᠦᠪ

ᠪᠤᠯᠭᠠᠵᠦ᠂ ᠯᠦᠩ ᠮᠧᠢ ᠢᠦᠢ ᠷᠦᠩ ᠤᠨ ᠬᠠᠭᠤᠴᠢᠨ ᠰᠠᠭᠤᠴᠡ᠂ ᠲᠦᠮᠡᠨ ᠮᠦ ᠶᠢᠨ ᠲᠡᠯ᠎ᠡ ᠨᠤᠲᠤᠭ ᠤᠨ ᠦᠵᠡᠮᠦᠷᠢ᠂

ᠪᠠᠶᠠᠨ ᠬᠠᠩᠭᠠᠢ ᠪᠠᠶᠢᠭᠠᠯᠢ ᠶᠢᠨ ᠬᠠᠮᠠᠭᠠᠯᠠᠯᠲᠡ ᠶᠢᠨ ᠤᠷᠤᠨ᠂ ᠮᠢᠩᠭᠠᠨ ᠪᠠᠯᠭᠠᠰᠦᠨ ᠤ ᠡᠬᠡ ᠤᠷᠤᠨᠴᠢ ᠰᠤᠷᠭᠠᠨ

ᠬᠦᠮᠦᠵᠢᠯ ᠤᠨ ᠰᠠᠠᠭᠤᠷᠢᠨ ᠭᠠᠵᠠᠷ ᠵᠠᠷᠭᠡ ᠶᠢ ᠭᠤᠤᠯᠳᠠᠯᠭ᠎ᠠ ᠲᠠᠢ ᠪᠦᠲᠦᠭᠡᠨ ᠪᠠᠶᠢᠭᠤᠯᠤᠨ᠎ᠡ᠃ ᠤᠯᠡᠨ ᠱᠠᠲᠦ ᠪᠠᠷ

ᠲᠤᠯᠭᠠᠭᠤᠷᠢᠯᠠᠬᠤ ᠨᠢ ᠲᠡᠷᠦᠢ 10 ᠭᠤᠤᠯᠳᠠᠯᠭᠠᠲᠦ ᠲᠦᠷᠦᠯ ᠤᠨ ᠵᠢᠭᠤᠯᠴᠢᠯᠡᠯ ᠤᠨ ᠪᠦᠲᠦᠭᠡᠨ ᠪᠠᠶᠢᠭᠤᠯᠤᠯᠲᠡ

ᠵᠢᠨ‌ᠠᠵᠢᠯ ᠢ ᠬᠢᠨ᠎ᠡ᠃ ᠭᠤᠤᠯᠲᠠᠭᠤ᠄ ᠰᠢᠷᠠᠮᠦ᠋ᠷᠡᠨ ᠲᠡᠯ᠎ᠡ ᠨᠤᠲᠤᠭ ᠤᠨ ᠲᠦᠪ ᠦᠵᠡᠮᠵᠢ ᠶᠢᠨ ᠤᠷᠤᠨ᠂ ᠲᠤᠮᠳᠠᠳᠦ

ᠮᠤᠩᠭᠤᠯ ᠤᠨ ᠮᠠᠨᠳᠤᠯ ᠪᠤᠭᠤᠮᠲᠡ ᠶᠢᠨ ᠵᠢᠭᠤᠯᠴᠢᠯᠠᠯ ᠤᠨ ᠬᠠᠮᠲᠤᠷᠡᠯ ᠤᠨ ᠲᠤᠭᠤᠷᠢᠭ᠂ ᠲᠠᠷᠬᠠᠨ ᠮᠤᠤᠮᠢᠩᠭᠠᠨ ᠤ

ᠴᠢᠯᠦᠭᠡᠲᠦ ᠠᠶᠠᠯᠡᠯ᠂ ︽ᠭᠤᠪᠢ ᠶᠢᠨ ᠠᠮᠦᠨᠡᠬᠢ ᠲᠤᠮᠤᠭ︾ ᠲᠡᠯ᠎ᠡ ᠨᠤᠲᠤᠭ ᠤᠨ ᠲᠤᠮᠦ ᠬᠡᠯᠪᠡᠷᠢ ᠶᠢᠨ ᠪᠤᠲᠠᠲᠤ

ᠦᠵᠡᠮᠵᠢ ᠶᠢᠨ ᠲᠤᠭᠯᠠᠯᠲᠡ᠂ ᠵᠢᠮᠢᠰᠲᠠᠢ ᠦᠵᠡᠮᠵᠢ ᠵᠢᠨ‌ᠤᠷᠤᠨ᠂ ᠰᠢᠷᠠᠮᠦ᠋ᠷᠡᠨ ᠲᠡᠯ᠎ᠡ ᠨᠤᠲᠤᠭ ᠤᠨ ᠵᠢᠭᠤᠯᠴᠢᠯᠡᠯ ᠤᠨ

ᠤᠷᠤᠨ ᠤ ᠶᠡᠷᠦᠩᠬᠡᠶᠢᠯᠡᠭᠰᠡᠨ ᠲᠡᠰ ᠲᠡᠪᠰᠢᠭᠦᠯᠬᠦ ᠢᠨᠵᠧᠨᠧᠷᠢᠩ᠂ ᠬᠤᠪᠢᠰᠬᠠᠯ ᠤᠨ ᠵᠢᠭᠤᠯᠴᠢᠯᠠᠯ ᠤᠨ ᠰᠠᠭᠤᠷᠢᠨ

ᠭᠠᠵᠠᠷ᠂ ᠬᠠᠰᠠᠷ ᠦᠵᠡᠮᠵᠢ ᠶᠢᠨ ᠤᠷᠤᠨ᠂ ᠬᠦᠳᠡᠭᠡ ᠲᠤᠰᠬᠤᠨ ᠤ ᠪᠠᠶᠡᠴᠢᠯᠡᠨ ᠤᠶᠢᠯᠠᠭᠠᠬᠤ ᠵᠤᠭᠠᠴᠠᠯ ᠵᠠᠷᠭᠡ ᠪᠠᠶᠢᠵᠦ᠂

ᠤᠳᠤᠬᠠᠨ ᠳᠤ ᠡᠳᠡᠭᠡᠷ ᠲᠦᠷᠦᠯ ᠵᠦᠢᠯ ᠪᠦᠭᠦᠨ ᠢᠶᠠᠷ ᠵᠶ᠋ᠠᠨ‌ᠠᠵᠢᠯ ᠡᠬᠢᠯᠡᠭᠦᠯᠪᠡ᠃

     ᠭᠤᠷᠪᠡ᠂ ᠰᠠᠭᠤᠷᠢ ᠲᠦᠭᠦᠭᠡᠷᠦᠮᠵᠢ ᠶᠢᠨ ᠪᠦᠲᠦᠭᠡᠨ ᠪᠠᠶᠢᠭᠤᠯᠤᠯᠲᠡ ᠪᠠᠷ ᠪᠠᠲᠤᠯᠠᠭ᠎ᠠ ᠪᠤᠯᠭᠠᠨ ︽ᠪᠦᠭᠦᠶᠢᠯᠡ

ᠤᠷᠤᠨ ᠪᠦᠰᠡ ᠶᠢᠨ ᠵᠢᠭᠤᠯᠴᠢᠯᠡᠯ︾ ᠢ ᠪᠠᠬᠢᠵᠢᠭᠦᠯᠦᠨ᠎ᠡ᠃ ᠵᠢᠭᠤᠯᠴᠢᠯᠡᠯ ᠤᠨ ᠰᠠᠭᠤᠷᠢ ᠲᠦᠭᠦᠭᠡᠷᠦᠮᠵᠢ ᠶᠢᠨ ᠪᠦᠷᠢᠨ

ᠲᠡᠭᠦᠯᠲᠡᠷ ᠪᠠᠶᠢᠬᠤ ᠡᠰᠡᠭᠦ ᠨᠢ ᠵᠢᠭᠤᠯᠴᠢᠯᠡᠯ ᠤᠨ ᠤᠷᠴᠢᠨ ᠤᠨ ᠰᠠᠶᠢᠨ ᠮᠠᠭᠤ ᠲᠠᠢ ᠰᠢᠭᠤᠳ ᠬᠤᠯᠪᠤᠭᠳᠠᠵᠦ᠂

ᠵᠤᠭᠠᠴᠠᠭᠰᠡᠳ ᠤᠨ ᠬᠠᠨᠤᠮᠵᠢ ᠵᠢᠨ‌‍ᠲ᠋ᠦ᠋ᠪᠰᠢᠨ ᠨᠢ ᠵᠤᠬᠢᠬᠤ ᠬᠡᠮᠵᠢᠶᠡᠨ ᠳᠤ ᠵᠢᠭᠤᠯᠴᠢᠯᠡᠯ ᠤᠨ ᠲᠦᠷᠢ ᠲᠦᠷᠭᠦ ᠶᠢ

ᠲᠦᠯᠦᠭᠡᠯᠡᠳᠡᠭ᠃ ᠮᠡᠨ ᠤ ᠬᠤᠰᠢᠭᠤ ᠡᠨᠡᠬᠦ ᠲᠤᠳᠠᠮᠠᠭ ᠵᠶ᠋ᠠᠨ‌ᠮᠡᠲᠡᠷᠡᠵᠦ᠂ ᠲᠠᠷᠠᠭᠠᠴᠢ ᠪᠠᠷ ᠰᠠᠭᠤᠷᠢ ᠲᠦᠭᠦᠭᠡᠷᠦᠮᠵᠢ ᠶᠢᠨ

ᠪᠦᠲᠦᠭᠡᠨ ᠪᠠᠶᠢᠭᠤᠯᠤᠯᠲᠡ ᠶᠢ ᠪᠦᠭᠦ ᠬᠦᠴᠦ ᠪᠠᠷ ᠲᠡᠭᠦᠯᠲᠡᠷᠵᠢᠭᠦᠯᠵᠦ᠂ ᠵᠢᠭᠤᠯᠴᠢᠯᠡᠯ ᠤᠨ ᠰᠠᠭᠤᠷᠢ ᠶᠢ ᠪᠠᠲᠦ

ᠪᠤᠯᠭᠠᠨ᠎ᠡ᠃ ᠵᠢᠭᠤᠯᠴᠢᠯᠡᠯ ᠤᠨ ᠵᠤᠷᠯᠦᠩ 15 ᠶᠢ ᠰᠢᠨ᠎ᠡ ᠪᠠᠷ ᠪᠠᠶᠢᠭᠤᠯᠵᠦ᠂ ᠬᠤᠰᠢᠭᠤᠨ ᠤ ᠵᠢᠭᠤᠯᠴᠢᠯᠡᠯ ᠤᠨ

ᠵᠤᠷᠯᠦᠩ ᠤᠨ ᠶᠡᠷᠦᠩᠬᠡᠢ ᠲᠤᠭ᠎ᠠ ᠶᠢ100 ᠳᠤ ᠬᠦᠷᠭᠡᠵᠦ᠂ ᠪᠦᠬᠦ ᠬᠤᠰᠢᠭᠤᠨ ᠤ ᠪᠦᠬᠦᠶᠢᠯᠡ ᠤᠷᠤᠨ ᠪᠦᠰᠡ ᠶᠢᠨ

ᠵᠢᠭᠤᠯᠴᠢᠯᠡᠯ ᠤᠨ ᠴᠢᠬᠤᠯᠡ ᠤᠷᠤᠨ ᠴᠡᠭ ᠳᠤ ᠵᠢᠭᠤᠯᠴᠢᠯᠡᠯ ᠤᠨ ᠵᠤᠷᠯᠦᠩ ᠤᠨ ᠪᠦᠷᠬᠦᠬᠦᠯᠲᠡ ᠶᠢ ᠪᠠᠶᠡᠯᠡᠭᠦᠯᠦᠨ᠎ᠡ᠃

ᠦᠯᠡᠳᠡᠵᠦ ᠪᠠᠶᠢᠭ᠎ᠠ 210 ᠵᠢᠭᠤᠯᠴᠢᠯᠡᠯ ᠤᠨ ᠲᠡᠮᠲᠡᠭ ᠢᠯᠡᠷᠬᠡᠶᠢᠯᠡᠯ ᠤᠨ ᠫᠠᠶᠢᠰᠡ ᠶᠢ ᠤᠭᠰᠠᠷᠠᠵᠦ ᠳᠠᠭᠤᠰᠬᠠᠨ᠂

ᠪᠦᠭᠦ ᠬᠤᠰᠢᠭᠤᠨ ᠳᠤ ᠵᠢᠭᠤᠯᠴᠢᠯᠡᠯ ᠤᠨ ᠲᠡᠮᠲᠡᠭ ᠢᠯᠡᠷᠭᠡᠶᠢᠯᠡᠯ ᠤᠨ ᠫᠠᠶᠢᠰᠡ ᠢ ᠪᠦᠷᠭᠦᠭᠦᠯᠦᠨ᠎ᠡ᠃ 12 ᠰᠤᠮᠦ

ᠰᠢᠶᠠᠩ ᠪᠠᠯᠭᠠᠰᠤᠨ ᠳᠤ ᠵᠤᠭᠠᠴᠠᠭᠰᠡᠳ ᠲᠤ ᠦᠢᠯᠡᠴᠢᠯᠡᠬᠦ ᠲᠦᠪ ᠢ ᠪᠠᠶᠢᠭᠤᠯᠦᠨ ᠪᠦᠷᠢᠨᠰᠢᠭᠦᠯᠵᠦ᠂ ᠪᠦᠭᠦ

ᠬᠤᠰᠢᠭᠤᠨ ᠳᠤ ᠵᠤᠭᠠᠴᠠᠭᠰᠡᠳ ᠲᠤ ᠦᠢᠯᠡᠴᠢᠯᠡᠬᠦ ᠲᠦᠪ ᠢ ᠪᠦᠷᠬᠦᠭᠦᠯᠦᠨ᠎ᠡ᠃ ᠵᠢᠭᠤᠯᠴᠢᠯᠡᠯ ᠤᠨ ᠵᠠᠰᠠᠮᠡᠯ ᠵᠠᠮ ᠤᠨ

ᠲᠤᠤᠷ ᠰᠦᠯᠵᠢᠶ᠎ᠡ ᠶᠢ ᠪᠦᠬᠦ ᠲᠡᠯ᠎ᠡ ᠪᠠᠷ ᠪᠠᠶᠢᠭᠤᠯᠤᠨ᠎ᠡ᠃ 2017ᠤᠨ ᠳᠤ᠂1000 ᠺᠢᠯᠤᠮᠧᠲᠷ ‍ᠤᠨ‌ᠡᠯ᠎ᠡ ᠲᠦᠷᠦᠯ

 ᠤᠨ ᠵᠢᠭᠤᠯᠴᠢᠯᠡᠯ ᠤᠨ ᠵᠠᠰᠠᠮᠡᠯ ᠵᠠᠮ ᠵᠠᠰᠡᠵᠦ᠂ ᠬᠤᠵᠢᠷᠲᠦ ᠠᠴᠠ ᠮᠢᠩᠭᠠᠨ ᠬᠦᠷᠬᠦ᠂ ᠮᠢᠩᠭᠠᠨ ᠠᠴᠠ ᠰᠠᠨ ᠹᠧᠨ ᠴᠢᠦᠢ

ᠬᠦᠷᠭᠦ᠂ ᠬᠤᠵᠢᠷᠲᠦ ᠠᠴᠠ ᠮᠠᠨᠳᠤᠯ ᠬᠦᠷᠬᠦ 3 ᠵᠤᠷᠪᠤᠰ ᠵᠢᠭᠤᠯᠴᠢᠯᠠᠯ ᠤᠨ ᠵᠠᠰᠠᠮᠠᠯ ᠵᠠᠮ ᠢ ᠪᠠᠶᠢᠭᠤᠯᠵᠦ᠂ ᠮᠤᠵᠢ ᠶᠢᠨ

ᠲᠡᠰ ᠤᠨ104 ᠱᠤᠭᠤᠮ ‍ᠤᠨ‌‍ᠰᠢᠷᠠᠮᠦ᠋ᠷᠡᠨ ᠠᠴᠠ ᠪᠠᠲᠤᠬᠠᠭᠠᠯᠭ᠎ᠠ ᠬᠦᠷᠬᠦ ᠵᠠᠰᠠᠮᠡᠯ ᠵᠠᠮ ᠢ ᠵᠠᠰᠠᠪᠡ᠃ ᠶᠡᠭᠡ ᠳ᠋ᠡᠶᠢᠲ᠋ᠡ

 ᠶᠢᠨ ᠲᠦᠪ ᠢ ᠲᠡᠭᠦᠯᠲᠡᠷᠵᠢᠭᠦᠯᠵᠦ᠂ ᠤᠶᠤᠨᠴᠢ ᠵᠢᠭᠤᠯᠴᠢᠯᠡᠯ ᠤᠨ ᠰᠢᠨ᠎ᠡ ᠬᠡᠯᠪᠡᠷᠢ ᠶᠢ ᠪᠤᠢ ᠪᠤᠯᠭᠠᠨ᠎ᠡ᠃

     ᠲᠦᠷᠪᠡ᠂ ᠵᠢᠭᠤᠯᠴᠢᠯᠡᠯ ᠤᠨ ᠰᠤᠳᠤᠨ ᠵᠠᠮ ᠱᠣᠭᠤᠮ ᠤᠨ ᠰᠢᠯᠢᠳᠡᠭᠵᠢᠭᠦᠯᠦᠯᠲᠡ ᠪᠠᠷ ᠨᠡᠷᠡᠲᠦ ᠲᠡᠮᠳᠡᠭ

ᠪᠤᠯᠭᠠᠨ᠂ ︽ᠪᠦᠬᠦᠶᠢᠯᠡ ᠤᠷᠤᠨ ᠪᠦᠰᠡ ᠶᠢᠨ ᠵᠢᠭᠤᠯᠴᠢᠯᠡᠯ︾ ᠤᠨ ᠨᠡᠷ᠎ᠡ ᠨᠢᠲᠡᠷ ᠢ ᠮᠠᠨᠳᠤᠭᠤᠯᠦᠨ᠎ᠡ᠃ ︽ᠲᠠᠷᠬᠠᠨ

ᠮᠤᠤᠮᠢᠩᠭᠠᠨ ᠢᠶᠠᠷ ᠲᠤᠭᠤᠷᠢᠨ ᠵᠤᠭᠠᠴᠠᠬᠤ︾ ᠵᠠᠮ ᠱᠣᠭᠤᠮ ᠤᠨ ᠠᠭᠤᠯᠤᠭᠳᠠᠬᠤᠨ ᠢ ᠡᠯᠪᠡᠭᠵᠢᠭᠦᠯᠵᠦ᠂ ︽5 +1︾

ᠵᠢᠭᠤᠯᠴᠢᠯᠡᠯ ᠤᠨ ᠱᠣᠭᠤᠮ‌ᠢ ᠪᠦᠷᠢᠯᠳᠤᠭᠦᠯᠦᠨ᠎ᠡ᠃ 600 ᠺᠢᠯᠣᠮᠧᠲᠷ ᠲᠠᠷᠬᠠᠨ ᠮᠣᠣᠮᠢᠩᠭᠠᠨ ᠢ ᠲᠣᠭᠤᠷᠢᠨ

ᠵᠤᠭᠠᠴᠠᠬᠤ ︽ᠲᠠᠯ᠎ᠠ ᠨᠤᠲᠤᠭ ᠤᠨ ᠴᠢᠯᠦᠬᠡᠲᠦ ᠠᠶᠠᠯᠠᠯ︾ ᠤᠨ ᠵᠠᠮ ᠱᠣᠭᠤᠮ ᠪᠤᠯᠤᠨ ︽ᠪᠤᠭᠤᠮᠲᠡ ᠶᠢᠨ ᠴᠢᠯᠦᠭᠡᠲᠦ

ᠠᠶᠠᠯᠡᠯ᠂ ᠨᠡᠭᠦᠳᠡᠯ ᠰᠤᠶᠤᠯ ᠤᠨ ᠴᠢᠯᠦᠭᠡᠲᠦ ᠠᠶᠠᠯᠡᠯ᠂ ᠭᠦᠨᠵᠡᠭᠡᠶᠢᠷᠡᠨ ᠬᠠᠶᠢᠭᠤᠯ ᠬᠢᠬᠦ ᠠᠶᠠᠯᠡᠯ᠂ ᠬᠦᠳᠡᠭᠡ ᠠᠶᠢᠯ

 ᠤᠨ ᠰᠤᠯᠡ ᠰᠡᠯᠡᠭᠦᠦ ᠠᠶᠠᠯᠡᠯ᠂ ᠬᠤᠪᠢᠰᠬᠠᠯ ᠤᠨ ᠵᠢᠭᠤᠯᠴᠢᠯᠡᠯ ᠤᠨ ᠴᠢᠯᠦᠭᠡᠲᠦ ᠠᠶᠠᠯᠡᠯ︾ ᠵᠠᠷᠭᠡ 5 ᠵᠤᠷᠪᠤᠰ

ᠭᠤᠤᠯ ᠰᠡᠲᠤᠪᠲᠦ ᠵᠠᠮ ᠱᠣᠭᠤᠮ ᠢ ᠰᠢᠯᠢᠳᠡᠭᠵᠢᠭᠦᠯᠵᠦ᠂ ᠰᠢᠷᠠᠮᠦ᠋ᠷᠡᠨ ᠤ ᠨᠢᠭᠡ ᠬᠤᠨᠤᠭ ᠤᠨ ᠵᠢᠭᠤᠯᠴᠢᠯᠡᠯ ᠤᠨ ᠵᠠᠮ

ᠱᠣᠭᠤᠮ ᠢ ᠪᠠᠶᠢᠭᠤᠯᠵᠦ᠂ ᠵᠢᠭᠤᠯᠴᠢᠯᠡᠯ ᠤᠨ ᠴᠢᠯᠦᠭᠡᠲᠦ ᠠᠶᠠᠯᠡᠯ ‍ᠤᠨ‌ᠦᠢᠯᠡᠴᠢᠯᠡᠭᠡᠨ ᠤ ᠴᠢᠲᠡᠮᠵᠢ ᠶᠢ

ᠪᠦᠷᠢᠨᠰᠢᠭᠦᠯᠦᠨ᠂ ᠦᠵᠡᠮᠵᠢ ᠰᠤᠨᠢᠷᠬᠠᠬᠤ ᠢᠶᠠᠷ ᠭᠤᠤᠯ ᠪᠤᠯᠭᠠᠭᠰᠠᠨ ᠪᠦᠲᠦᠭᠡᠨ ᠪᠠᠶᠢᠭᠤᠯᠤᠯᠲᠡ ᠶᠢᠨ ᠤᠨᠴᠠᠯᠢᠭ ᠢ

ᠢᠯᠡᠷᠡᠭᠦᠯᠦᠨ᠎ᠡ᠃ ᠲᠡᠮᠦᠷ ᠵᠡᠮ᠂ ᠠᠭᠠᠷ ᠤᠨ ᠵᠢᠭᠤᠯᠴᠢᠯᠡᠯ ᠤᠨ ᠰᠢᠨ᠎ᠡ ᠬᠡᠯᠪᠡᠷᠢ ᠶᠢ ᠡᠬᠢᠯᠡᠭᠦᠯᠵᠦ᠂ ᠪᠤᠭᠤᠲᠦ ᠠᠴᠠ

ᠮᠠᠨᠳᠤᠯ ᠬᠦᠷᠬᠦ ᠲᠡᠮᠦᠷ ᠵᠠᠮ ᠢ ᠠᠰᠢᠭᠯᠡᠨ᠂ ᠲᠠᠷᠬᠠᠨ ᠮᠤᠤᠮᠢᠩᠭᠠᠨ ᠤ ᠵᠢᠭᠤᠯᠴᠢᠯᠡᠯ ᠤᠨ ᠲᠤᠰᠬᠠᠢ ᠭᠠᠯᠲᠦ ᠲᠡᠷᠭᠡ ᠶᠢ

ᠨᠡᠪᠲᠡᠷᠡᠭᠦᠯᠵᠦ᠂ ︽ᠲᠡᠯ᠎ᠡ ᠨᠤᠲᠤᠭ ᠲᠤ ᠪᠠᠨ ᠪᠠᠶᠠᠰᠵᠦ᠂ ᠪᠤᠭᠤᠮᠲᠡ ᠪᠠᠨ ᠬᠠᠶᠢᠷᠠᠯᠠᠬᠤ︾ ᠵᠢᠭᠤᠯᠴᠢᠯᠡᠯ ᠤᠨ ᠠᠯᠢ

ᠤᠯᠠᠨ ᠬᠦᠲᠡᠯᠭᠡᠭᠡᠨ ᠢ ᠦᠷᠨᠢᠭᠦᠯᠵᠦ᠂ ᠲᠡᠯ᠎ᠡ ᠨᠤᠲᠤᠭ ᠲᠤ ᠬᠦᠨᠵᠡᠭᠡᠶᠢᠷᠡᠨ‌ᠠᠶᠠᠯᠠᠬᠤ ᠲᠦᠷᠦᠯ ᠵᠦᠢᠯ ᠢ ᠨᠡᠭᠡᠭᠡᠨ

ᠠᠰᠢᠭᠯᠠᠨ᠎ᠡ᠃ ᠠᠰᠢᠭᠯᠡᠯᠲᠡ ᠳᠤ ᠤᠷᠤᠭᠤᠯᠬᠤ ᠪᠠᠷ ᠪᠠᠶᠢᠬᠤ ᠨᠡᠶᠢᠲᠡᠮ ᠬᠡᠷᠡᠭᠯᠡᠬᠦ ᠨᠢᠰᠭᠡᠯ ᠤᠨ ᠪᠠᠭᠤᠳᠡᠯ

ᠪᠤᠯᠤᠨ‌‍ᠰᠢᠷᠠᠮᠦ᠋ᠷᠡᠨ ᠲᠡᠯ᠎ᠡ ᠨᠤᠲᠤᠭ ᠤᠨ ᠲᠤᠤᠷ᠎ᠡ ᠨᠢᠰᠦᠯᠭᠡ ᠶᠢᠨ ᠠᠶᠠᠯᠡᠯ ᠳᠤ ᠲᠦᠰᠢᠭᠯᠡᠨ᠂ ᠲᠡᠷᠬᠠᠨ ᠮᠤᠤᠮᠢᠩᠭᠠᠨ ᠢ

ᠲᠤᠭᠤᠷᠢᠨ ᠲᠤᠤᠷ᠎ᠡ ᠨᠢᠰᠦᠯᠭᠡ ᠪᠠᠷ ᠠᠶᠠᠯᠠᠬᠤ ᠲᠦᠷᠦᠯ ᠵᠦᠢᠯ ᠢ ᠡᠬᠢᠯᠡᠭᠦᠯᠵᠦ᠂ ︽ᠲᠡᠯ᠎ᠡ ᠨᠤᠲᠤᠭ ᠢᠶᠠᠷ ᠠᠶᠠᠯᠡᠨ᠂

ᠬᠦᠭᠡ ᠲᠡᠭᠷᠢ ᠳᠤ ᠰᠤᠭᠲᠤᠷᠠᠬᠤ︾ ᠬᠦᠳᠡᠯᠭᠡᠭᠡᠨ ᠢ ᠦᠷᠨᠢᠭᠦᠯᠦᠨ᠎ᠡ᠃

     ᠲᠡᠪᠦ᠂ ︽ᠵᠢᠭᠤᠯᠴᠢᠯᠡᠯ +︾ ᠬᠡᠯᠪᠡᠷᠢ ᠶᠢ ᠪᠤᠢ ᠪᠤᠯᠭᠠᠵᠦ᠂ ︽ᠪᠦᠭᠦᠶᠢᠯᠡ ᠤᠷᠤᠨ ᠪᠦᠰᠡ ᠶᠢᠨ

ᠵᠢᠭᠤᠯᠴᠢᠯᠡᠯ︾ ᠢ ᠬᠦᠴᠦᠷᠭᠡᠭᠵᠢᠭᠦᠯᠦᠨ᠎ᠡ᠃ ︽ᠪᠦᠭᠦᠶᠢᠯᠡ ᠤᠷᠤᠨ ᠪᠦᠰᠡ ᠶᠢᠨ ᠵᠢᠭᠤᠯᠴᠢᠯᠡᠯ︾ ᠢ ᠪᠠᠶᠡᠯᠡᠭᠦᠯᠬᠦ ᠳᠤ᠂

ᠵᠢᠭᠤᠯᠴᠢᠯᠡᠯ ᠤᠨ ᠲᠤᠭᠤᠷᠢᠨ ᠳᠤ ᠨᠢᠭᠡᠳᠦᠭᠡᠷ ᠠᠵᠦ ᠦᠢᠯᠡᠰ ᠪᠦᠲᠦᠴᠡ ᠶᠢᠨ ᠲᠤᠬᠢᠷᠠᠭᠤᠯᠤᠯᠲᠡ ᠬᠢᠵᠦ᠂

ᠬᠤᠶᠠᠳᠤᠭᠠᠷ ᠠᠵᠦ ᠦᠢᠯᠡᠰ ᠨᠡᠷᠡᠲᠦ ᠲᠡᠮᠳᠡᠭ ᠦᠢᠯᠡᠳᠴᠦ᠂ ᠭᠤᠷᠪᠠᠳᠤᠭᠠᠷ ᠠᠵᠦ ᠦᠢᠯᠡᠰ ᠦᠢᠯᠡᠴᠢᠯᠡᠭᠡ

ᠬᠠᠩᠭᠠᠵᠦ᠂ ᠵᠠᠮ ᠬᠠᠷᠢᠯᠴᠠᠭ᠎ᠠ ᠲᠡᠰ ᠲᠡᠪᠰᠢᠭᠦᠯᠵᠦ᠂ ᠬᠤᠲᠡ ᠬᠦᠳᠡᠭᠡ ᠶᠢᠨ ᠪᠦᠲᠦᠭᠡᠨ ᠪᠠᠶᠢᠭᠤᠯᠤᠯᠲᠡ ᠲᠦᠷᠢ

ᠲᠦᠷᠬᠦ ᠪᠠᠨ ᠪᠦᠲᠦᠭᠡᠵᠦ᠂ ᠤᠢ ᠰᠢᠭᠤᠢ ᠨᠤᠭᠤᠭᠠᠷᠠᠭᠤᠯᠤᠯᠲᠡ ᠬᠢᠵᠦ᠂ ᠡᠯ᠎ᠡ ᠠᠵᠢᠯ ᠦᠢᠯᠡᠰ ᠬᠦᠴᠦᠨ ᠢᠶᠠᠨ

ᠨᠢᠭᠡᠳᠭᠡᠵᠦ᠂ ᠵᠢᠭᠤᠯᠴᠢᠯᠡᠯ ᠤᠨ ᠦᠢᠯᠡᠰ ᠲᠤ ᠤᠬᠢ ᠰᠠᠶᠢᠨ ᠬᠦᠭᠵᠢᠯᠲᠡ ᠶᠢᠨ ᠨᠦᠭᠦᠴᠡᠯ ᠪᠡ ᠤᠷᠴᠢᠨ‌ᠠᠬᠤᠢ ᠶᠢ

ᠪᠤᠢ ᠪᠤᠯᠭᠠᠨ᠎ᠡ᠃ ᠵᠢᠭᠤᠯᠴᠢᠯᠡᠯ ‍ᠤᠨ‌ᠦᠢᠯᠡᠰ ᠢ ᠠᠷᠡᠳ ᠢᠶᠠᠨ ᠪᠠᠶᠠᠵᠢᠭᠤᠯᠬᠤ ᠦᠢᠯᠡᠰ ᠪᠤᠯᠭᠠᠨ᠂ ᠠᠵᠦ ᠠᠬᠤᠢ᠂

ᠨᠡᠶᠢᠭᠡᠮ ᠨᠡᠶᠢᠲᠡ᠂ ᠠᠮᠢ ᠠᠬᠤᠢ᠂ ᠠᠷᠡᠳ ᠤᠨ ᠠᠮᠢᠳᠤᠷᠠᠯ ᠤᠨ ᠪᠦᠲᠦᠭᠡᠨ ᠪᠠᠶᠢᠭᠤᠯᠤᠯᠲᠡ ᠲᠠᠢ ᠬᠠᠮᠲᠦ ᠠᠳᠬᠤᠵᠦ᠂

ᠰᠢᠰᠲ᠋ᠧᠮᠴᠢᠯᠡᠭᠰᠡᠨ᠂ ᠲᠦᠷᠢᠮᠵᠢᠭᠰᠡᠨ᠂ ᠪᠠᠷᠢᠮᠵᠢᠶᠠᠯᠠᠭᠰᠡᠨ ᠬᠡᠪ ᠪᠠᠶᠢᠲᠡᠯ ᠳᠤ ᠤᠷᠤᠭᠤᠯᠵᠦ᠂ ᠪᠦᠬᠦ ᠠᠷᠡᠳ ᠢᠶᠠᠷ ᠢᠶᠠᠨ

ᠵᠢᠭᠤᠯᠴᠢᠯᠡᠯ ᠢ ᠬᠦᠭᠵᠢᠭᠦᠯᠬᠦ ᠬᠦᠴᠦᠷᠭᠡᠭ ᠶᠡᠭᠡ ᠬᠠᠮᠲᠦᠷᠠᠯ ᠤᠨ ᠬᠦᠴᠦᠨ ᠢ ᠪᠤᠢ ᠪᠤᠯᠭᠠᠵᠦ᠂ ᠵᠢᠭᠤᠯᠴᠢᠯᠡᠯ ᠤᠨ

ᠦᠢᠯᠡᠰ ᠤᠨ ᠬᠦᠭᠵᠢᠯᠲᠡ ᠪᠠᠷ ᠮᠠᠯᠴᠢᠨ ᠲᠠᠷᠢᠶᠠᠴᠢᠨ ᠢᠶᠠᠨ ᠪᠠᠶᠠᠵᠢᠭᠤᠯᠤᠨ᠎ᠡ᠃

     ᠵᠢᠷᠭᠤᠭ᠎ᠠ᠂ ᠬᠦᠳᠡᠭᠡ ᠲᠤᠰᠬᠤᠨ ᠳᠤ ᠪᠡᠶᠠᠴᠢᠯᠡᠨ ᠦᠢᠯᠡᠭᠠᠬᠤ ᠵᠤᠭᠠᠴᠠᠯ ᠢ ᠭᠦᠭᠵᠢᠭᠦᠯᠬᠦ ᠪᠠᠷ ᠬᠠᠷᠠᠯᠲᠡ

ᠪᠤᠯᠭᠠᠨ᠂ ︽ᠪᠦᠬᠦᠶᠢᠯᠡ ᠤᠷᠤᠨ ᠪᠦᠰᠡ ᠶᠢᠨ ᠵᠢᠭᠤᠯᠴᠢᠯᠡᠯ︾ ᠢ ᠰᠢᠨ᠎ᠡ ᠪᠠᠷ ᠡᠭᠦᠳᠤᠨ᠎ᠡ᠃ ᠬᠦᠳᠡᠭᠡ ᠲᠤᠰᠬᠤᠨ ᠤ

ᠵᠢᠭᠤᠯᠴᠢᠯᠡᠯ᠂ ᠰᠤᠯᠡ ᠰᠡᠯᠡᠭᠦᠦ ᠪᠡᠶ᠎ᠡ ᠰᠡᠳᠬᠢᠯ ᠢᠶᠠᠨ ᠠᠮᠠᠷᠠᠭᠤᠯᠬᠤ ᠵᠤᠭᠠᠴᠡᠯ ᠵᠠᠷᠭᠡ ᠨᠢ ᠢᠷᠡᠭᠡᠲᠦᠢ ᠶᠢᠨ

ᠵᠢᠭᠤᠯᠴᠢᠯᠡᠯ ᠤᠨ ᠬᠦᠭᠵᠢᠯᠲᠡ ᠶᠢᠨ ᠬᠠᠮᠤᠭ ᠠᠰᠢᠭᠲᠠᠢ ᠮᠦᠷᠲᠡᠭᠡᠨ ᠵᠠᠶᠢᠯᠠᠰᠢ ᠦᠭᠡᠢ ᠬᠠᠨᠳᠤᠰᠢ ᠪᠤᠯᠤᠨ᠎ᠡ᠃

2017 ᠤᠨ ᠳᠤ᠂ ᠮᠠᠨ ᠤ ᠬᠤᠰᠢᠭᠤ ᠤᠨᠴᠠᠯᠢᠭᠲᠦ ᠦᠵᠡᠮᠦᠷᠢ ᠶᠢᠨ ᠲᠠᠭᠤᠷᠢᠶᠡᠯ ᠭᠠᠴᠠᠭ᠎ᠠ ᠲᠤᠰᠬᠤᠨ 30᠂

ᠤᠨᠴᠠᠯᠢᠭᠲᠦ ᠬᠦᠳᠡᠭᠡ ᠠᠶᠢᠯ ᠤᠨ ᠵᠤᠭᠠᠴᠡᠯ ᠤᠨ ᠡᠷᠦᠭᠡ 300 ᠶᠢ ᠪᠠᠶᠢᠭᠤᠯᠬᠤ ᠪᠠᠷ ᠲᠦᠯᠦᠪᠯᠡᠵᠦ ᠪᠠᠶᠢᠨ᠎ᠡ᠃

ᠰᠢᠷᠠᠮᠦ᠋ᠷᠡᠨ᠂ ᠰᠢᠪᠡᠷᠬᠦ᠋ᠷᠢᠶ᠎ᠡ᠂ ᠦᠬᠡᠷᠬᠤᠳᠳᠤᠭ᠂ ᠮᠢᠩᠭᠠᠨ᠂ ᠮᠠᠨᠳᠤᠯ᠂ ᠲᠠᠷᠬᠠᠨ ᠵᠠᠷᠭᠡ ᠦᠨᠳᠦᠰᠦᠨ ᠨᠦᠭᠦᠴᠡᠯ ᠢᠶᠠᠷ

ᠰᠠᠶᠢᠨ ᠪᠤᠯᠬᠤ 6 ᠰᠤᠮᠦ ᠪᠠᠯᠭᠠᠰᠦ ᠶᠢ ᠰᠤᠩᠭᠤᠨ ᠤᠨᠴᠠᠯᠢᠭᠲᠦ ᠵᠠᠩ ᠦᠢᠯᠡ ᠶᠢᠨ ᠪᠠᠯᠭᠠᠰᠦ ᠪᠤᠯᠭᠠᠨ

ᠬᠦᠭᠵᠢᠭᠦᠯᠬᠦ ᠪᠠᠷ ᠪᠠᠶᠢᠨ᠎ᠡ᠃ ᠪᠠᠢ ᠱᠢ ᠲᠸᠦ ᠭᠧᠦ ᠲᠤᠰᠬᠤᠨ᠂ ᠡᠯ ᠯᠢ ᠪᠠᠨ ᠲᠤᠰᠬᠤᠨ᠂ ᠵᠢᠷᠭᠠᠯᠠᠩᠲᠦ ᠲᠤᠰᠬᠤᠨ᠂

ᠳ᠋ᠦᠩ ᠭᠤᠸᠠᠢ ᠽᠢ ᠲᠤᠰᠬᠤᠨ᠂ ᠬᠤᠩᠭᠤᠷᠲᠠᠯ᠎ᠡ ᠰᠢᠨ᠎ᠡ ᠲᠤᠰᠬᠤᠨ᠂ ᠬᠦᠭᠡ ᠡᠷᠬᠢ ᠲᠤᠰᠬᠤᠨ᠂ ᠵᠠᠭᠦᠨ ᠠᠮᠡ ᠤᠰᠤ᠂

ᠪᠠᠷᠠᠭᠤᠨ ᠠᠮᠡ ᠤᠰᠤ᠂ ᠴᠤᠤ ᠶᠠᠩ ᠱᠢ ᠰᠢᠨ᠎ᠡ ᠲᠤᠰᠬᠤᠨ ᠵᠠᠷᠭᠡ10 ᠲᠤᠰᠬᠤᠨ ᠢ ᠰᠤᠩᠭᠤᠨ᠂ ᠬᠦᠲᠡᠭᠡ ᠠᠶᠢᠯ

 ᠳᠤ ᠪᠠᠶᠡᠴᠢᠯᠡᠨ ᠦᠢᠯᠡᠭᠠᠬᠤ ᠵᠤᠭᠠᠴᠡᠯ ᠤᠨ ᠲᠠᠭᠤᠷᠢᠶᠠᠯ ᠲᠤᠰᠬᠤᠨ ᠪᠤᠯᠭᠠᠨ ᠬᠦᠭᠵᠢᠭᠦᠯᠦᠨ᠎ᠡ᠃ 20 ᠨᠡᠷᠡᠰ

ᠤᠳᠤᠨ ᠲᠠᠰ ᠤᠨ ᠬᠦᠲᠡᠭᠡ ᠲᠤᠰᠬᠤᠨ ᠤ ᠵᠤᠭᠠᠴᠡᠯ ᠤᠨ ᠲᠠᠭᠤᠷᠢᠶᠠᠯ ᠡᠷᠦᠭᠡ ᠶᠢ ᠲᠡᠭᠡᠲᠦ ᠱᠠᠳᠤᠨ ᠳᠤ

ᠮᠡᠳᠡᠭᠦᠯᠵᠦ᠂ ᠪᠦᠬᠦ ᠬᠤᠰᠢᠭᠤᠨ ᠤ ᠤᠳᠤᠨ ᠲᠡᠰ ᠤᠨ ᠬᠦᠲᠡᠭᠡ ᠲᠤᠰᠬᠤᠨ ᠤ ᠵᠤᠭᠠᠴᠡᠯ ᠤᠨ ᠲᠠᠭᠤᠷᠢᠶᠠᠯ ᠡᠷᠦᠭᠡ

 ᠶᠢ 50 ᠳᠤ ᠬᠦᠷᠭᠡᠨ᠎ᠡ᠃

     ᠲᠤᠯᠤᠭ᠎ᠠ᠂ ᠵᠢᠭᠤᠯᠴᠢᠯᠡᠯ ᠤᠨ ᠪᠠᠶᠢᠭᠤᠯᠤᠮᠵᠢ ᠶᠢ ᠲᠡᠭᠦᠯᠲᠡᠷᠵᠢᠭᠦᠯᠵᠦ᠂ ︽ᠪᠦᠬᠦᠶᠢᠯᠡ ᠤᠷᠤᠨ ᠪᠦᠰᠡ ᠶᠢᠨ

ᠵᠢᠭᠤᠯᠴᠢᠯᠡᠯ︾ ᠢ ᠲᠦᠷᠢᠮᠵᠢᠭᠦᠯᠦᠨ᠎ᠡ᠃ ᠵᠢᠭᠤᠯᠴᠢᠯᠡᠯ ᠤᠨ ᠬᠠᠮᠢᠶᠠᠷᠤᠯᠲᠡ‌ᠦᠢᠯᠡᠴᠢᠯᠡᠭᠡ ᠪᠤᠯ ᠵᠢᠭᠤᠯᠴᠢᠯᠡᠯ ᠤᠨ

ᠵᠦᠭᠡᠯᠡᠨ‌ᠤᠷᠴᠢᠨ᠂ ᠬᠠᠷᠢᠨ ᠬᠠᠮᠢᠶᠠᠷᠤᠯᠲᠡ ᠳᠠᠬᠢ ︽ᠵᠦᠭᠡᠯᠡᠨ︾ ᠨᠢ ᠶᠡᠷᠦ ᠳᠡᠭᠡᠨ ᠵᠢᠭᠤᠯᠴᠢᠯᠡᠯ ᠤᠨ ᠤᠷᠤᠨ ᠢ

ᠪᠠᠶᠢᠭᠤᠯᠬᠤ ᠳᠤ ᠰᠦᠷᠡᠬᠡᠢ ᠭᠡᠮ ᠪᠤᠯᠬᠤ ᠶᠤᠮ᠂ ᠡᠶᠢᠮᠦ ᠠᠴᠠ ᠪᠦᠬᠦ ᠬᠦᠴᠦ ᠪᠠᠷ ᠢᠶᠠᠨ ᠵᠢᠭᠤᠯᠴᠢᠯᠡᠯ ᠤᠨ ᠤᠷᠴᠢᠨ

 ᠢ ᠰᠠᠶᠢᠵᠢᠷᠠᠭᠤᠯᠵᠦ᠂ ᠵᠢᠭᠤᠯᠴᠢᠯᠡᠯ ᠤᠨ ᠵᠠᠬ᠎ᠠ ᠲᠡᠯᠭᠡᠭᠦᠷ ‍ᠤᠨ‌ᠡᠮᠬᠢ ᠲᠢᠭᠯᠢᠮ ᠤᠨ ᠬᠠᠮᠢᠶᠠᠷᠤᠯᠲᠡ ᠪᠠᠨ ᠴᠢᠩᠭᠠᠳᠬᠠᠨ

ᠦᠢᠯᠡᠴᠢᠯᠡᠭᠡᠨ ᠤ ᠬᠢᠷᠢ ᠲᠦᠪᠰᠢᠨ ᠢᠶᠠᠨ ᠲᠡᠭᠡᠭᠰᠢᠯᠡᠭᠦᠯᠵᠦ᠂ ᠵᠤᠭᠠᠴᠠᠭᠰᠡᠳ ᠲᠤ ᠠᠮᠦᠷ ᠲᠠᠭᠠᠯᠠᠮᠵᠢᠲᠠᠢ ᠵᠤᠭᠠᠴᠠᠬᠤ

ᠤᠷᠴᠢᠨ‌ᠢ ᠪᠤᠢ ᠪᠤᠯᠭᠠᠨ᠎ᠡ᠃ ᠵᠢᠭᠤᠯᠴᠢᠯᠡᠯ ᠤᠨ ᠬᠦᠭᠵᠢᠯᠲᠡ ᠶᠢᠨ ᠵᠦᠪᠯᠡᠯ ᠢ ᠪᠤᠲᠠᠲᠠᠶᠢᠵᠢᠭᠤᠯᠵᠦ᠂ ᠵᠢᠭᠤᠯᠴᠢᠯᠡᠯ ᠤᠨ

ᠪᠠᠶᠢᠭᠤᠯᠤᠮᠵᠢ ᠵᠢᠨ‌ᠡᠷᠭᠡ ᠡᠭᠦᠷᠭᠡ ᠶᠢ ᠤᠯᠡᠮ ᠨᠢᠭᠡ ᠠᠯᠬᠤᠮ ᠲᠡᠭᠦᠯᠲᠡᠷᠵᠢᠭᠦᠯᠵᠦ᠂ ᠬᠤᠰᠢᠭᠤ ᠰᠢᠶᠠᠩ ᠬᠤᠶᠠᠷ

ᠱᠠᠲᠤᠨ ᠢ ᠵᠤᠬᠢᠴᠠᠭᠤᠯᠦᠨ ᠨᠢᠭᠡᠳᠭᠡᠭᠰᠡᠨ ᠵᠢᠭᠤᠯᠴᠢᠯᠡᠯ ᠤᠨ ᠬᠠᠮᠢᠶᠠᠷᠤᠯᠲᠡ ᠶᠢᠨ ᠪᠠᠶᠢᠭᠤᠯᠤᠮᠵᠢ ᠢ ᠪᠠᠶᠢᠭᠤᠯᠵᠦ᠂

ᠵᠢᠩᠬᠢᠨᠢ ᠤᠳᠬ᠎ᠠ ᠠᠭᠤᠯᠭ᠎ᠠ ᠳᠠᠬᠢ ᠵᠢᠭᠤᠯᠴᠢᠯᠡᠯ ᠤᠨ ᠶᠡᠷᠦᠩᠬᠡᠶᠢᠯᠡᠭᠰᠡᠨ ᠬᠠᠦᠯᠢ ᠬᠡᠷᠡᠭᠵᠢᠭᠦᠯᠬᠦ ᠪᠠᠶᠢᠭᠤᠯᠤᠮᠵᠢ ᠶᠢ

ᠪᠤᠢ ᠪᠤᠯᠭᠠᠨ᠎ᠡ᠃ ︽1+3︾ ᠵᠢᠭᠤᠯᠴᠢᠯᠡᠯ ᠤᠨ ᠶᠡᠷᠦᠩᠬᠡᠶᠢᠯᠡᠭᠰᠡᠨ ᠬᠠᠦᠯᠢ ᠬᠡᠷᠡᠭᠵᠢᠭᠦᠯᠬᠦ ᠪᠠᠶᠢᠭᠤᠯᠤᠮᠵᠢ ᠶᠢᠨ

ᠦᠢᠯᠡᠳᠦᠯ ᠢ ᠭᠦᠢᠴᠡᠳ ᠪᠠᠲᠡᠷᠠᠭᠤᠯᠵᠦ᠂ ᠵᠢᠭᠤᠯᠴᠢᠯᠡᠯ ᠤᠨ ᠠᠵᠦ ᠠᠬᠤᠶᠢᠯᠡᠯ ᠤᠨ ᠦᠢᠯᠡᠴᠢᠯᠡᠭᠡᠨ ᠤ ᠬᠢᠷᠢ

ᠲᠦᠪᠰᠢᠨ ᠤ ᠦᠨᠡᠯᠡᠯᠲᠡ ᠶᠢᠨ ᠲᠦᠷᠢᠮ ᠢ ᠲᠡᠭᠦᠯᠲᠡᠷᠵᠢᠭᠦᠯᠵᠦ᠂ ᠲᠤᠭᠳᠠᠭᠰᠡᠨ ᠬᠤᠭᠤᠴᠠᠭᠠᠨ ᠳᠤ ᠦᠵᠡᠮᠵᠢ ᠶᠢᠨ

ᠤᠷᠤᠨ᠂ ᠴᠢᠯᠦᠭᠡᠲᠦ ᠠᠶᠠᠯᠡᠯ ᠤᠨ ᠪᠠᠭᠤᠴᠡ᠂ ᠵᠤᠴᠢᠯᠠᠬᠤ ᠭᠠᠵᠠᠷ ᠵᠠᠷᠭᠡ ᠶᠢᠨ ᠦᠢᠯᠡᠴᠢᠯᠡᠭᠡᠨ ᠤ ᠬᠢᠷᠢ ᠲᠦᠪᠰᠢᠨ

 ᠳᠤ ᠦᠨᠡᠯᠡᠯᠲᠡ ᠬᠢᠵᠦ᠂ ᠵᠢᠭᠤᠯᠴᠢᠯᠡᠯ ᠤᠨ ᠴᠢᠨᠠᠷ ᠴᠢᠨᠰᠠᠭ᠎ᠠ ᠶᠢᠨ ᠬᠢᠨᠠᠯᠲᠡ ᠶᠢᠨ ᠠᠵᠢᠯ ᠢᠶᠠᠨ ᠦᠷᠬᠦᠯᠵᠢᠭᠦᠯᠦᠨ᠎ᠡ᠃

ᠰᠢᠷᠠᠮᠦ᠋ᠷᠡᠨ ᠵᠢᠭᠤᠯᠴᠢᠯᠡᠯ ᠤᠨ ᠤᠷᠤᠨ ᠳᠤ ᠪᠦᠬᠦᠶᠢᠯᠡ ᠤᠷᠤᠨ ᠪᠦᠰᠡ ᠶᠢᠨ ᠬᠡᠪᠴᠢᠶᠠᠨ ᠳᠤ ᠺᠤᠮᠫᠠᠨᠢᠴᠢᠯᠠᠭᠰᠨ

ᠬᠠᠮᠢᠶᠠᠷᠦᠯᠲᠡ ᠶᠠᠪᠤᠭᠳᠠᠭᠤᠯᠵᠦ᠂ ᠮᠤᠷᠢ ᠤᠨᠤᠵᠦ ᠵᠤᠭᠠᠴᠠᠬᠤ ᠦᠢᠯᠡᠴᠢᠯᠡᠭᠡᠨ ᠤ ᠺᠤᠮᠫᠠᠨᠢ ᠪᠠᠶᠢᠭᠤᠯᠵᠦ᠂ ᠰᠢᠷᠡᠮᠦ᠋ᠷᠡᠨ

ᠲᠡᠯ᠎ᠡ ᠨᠤᠲᠤᠭ ᠤᠨ ᠵᠢᠭᠤᠯᠴᠢᠯᠡᠯ ᠤᠨ ᠣᠷᠣᠨ ᠤ 300 ᠬᠦᠮᠦᠨ ᠠᠴᠠ ᠲᠡᠭᠡᠭᠰᠢ ᠬᠦᠯᠢᠶᠠᠨ ᠵᠤᠴᠢᠯᠠᠬᠤ ᠬᠦᠴᠦᠨ

 ᠲᠠᠢ 30 ᠵᠤᠭᠠᠴᠠᠯ ᠤᠨ ᠭᠠᠵᠠᠷ ᠢ ᠨᠢᠭᠡᠳᠭᠡᠨ᠂ ᠵᠢᠭᠤᠯᠴᠢᠯᠡᠯ ᠤᠨ ᠪᠦᠯᠦᠭᠯᠡᠯ ᠺᠤᠮᠫᠠᠨᠢ ᠪᠠᠶᠢᠭᠤᠯᠵᠦ᠂ ᠨᠢᠭᠡᠲᠦᠯᠲᠠᠢ

ᠦᠢᠯᠡᠴᠢᠯᠡᠭᠡ ᠬᠠᠩᠭᠠᠵᠦ᠂ ᠦᠨ᠎ᠡ ᠬᠠᠩᠰᠢ ᠶᠢ ᠢᠯᠡ ᠲᠤᠳᠦ ᠪᠤᠯᠭᠠᠵᠦ᠂ ᠬᠠᠮᠢᠶᠠᠷᠤᠯᠲᠡ ᠪᠠᠨ ᠲᠦᠷᠢᠮᠵᠢᠭᠦᠯᠵᠦ᠂

ᠵᠢᠭᠤᠯᠴᠢᠯᠡᠯ ᠤᠨ ᠤᠷᠤᠨ ᠤ ᠡᠮᠬᠢ ᠲᠢᠭᠯᠢᠮ ᠢ ᠪᠦᠬᠦ ᠲᠡᠯ᠎ᠡ ᠪᠠᠷ ᠴᠡᠭᠴᠡᠯᠡᠵᠦ᠂ ᠰᠢᠷᠠᠮᠦ᠋ᠷᠡᠨ ᠤ ᠨᠡᠷᠡᠲᠦ ᠵᠢᠭᠤᠯᠴᠢᠯᠡᠯ

 ᠤᠨ ᠤᠷᠤᠨ‌‍ᠤ ᠨᠡᠷ᠎ᠡ ᠬᠠᠶ᠋ᠢᠭ ᠢᠶᠠᠨ ᠤᠯᠡᠮ ᠢᠶᠠᠷ ᠮᠠᠨᠳᠣᠭᠤᠯᠤᠨ᠎ᠡ᠃

     ᠨᠠᠢᠮᠡ᠂ ᠤᠬᠠᠭᠤᠯᠵᠦ ᠰᠤᠷᠲᠠᠯᠴᠢᠯᠠᠬᠤ ᠤᠷ᠎ᠡ ᠴᠢᠳᠡᠪᠦᠷᠢ ᠪᠠᠨ ᠨᠡᠮᠡᠭᠲᠡᠭᠦᠯᠵᠦ᠂ ︽ᠪᠦᠬᠦᠶᠢᠯᠡ ᠤᠷᠤᠨ ᠪᠦᠰᠡ

 ᠶᠢᠨ ᠵᠢᠭᠤᠯᠴᠢᠯᠡᠯ︾ ᠢ ᠲᠠᠮᠵᠢᠨ᠎ᠡ᠃ ᠬᠡᠷᠡᠭᠯᠡᠭᠡ ᠬᠠᠩᠭᠠᠯᠭ᠎ᠠ ᠪᠠᠨ‌ᠵᠤᠬᠢᠴᠠᠭᠤᠯᠵᠦ᠂ ᠵᠢᠭᠤᠯᠴᠢᠯᠡᠯ ᠤᠨ ᠦᠢᠯᠡᠰ ᠤᠨ

ᠬᠠᠩᠭᠠᠯᠭ᠎ᠠ ᠶᠢᠨ ᠪᠦᠲᠦᠴᠡ ᠶᠢᠨ ᠴᠢᠨᠠᠷᠲᠠᠢ ᠦᠭᠡᠷᠡᠴᠢᠯᠡᠯᠲᠡ ᠢ ᠤᠨᠤᠪᠴᠢᠲᠠᠢ ᠬᠢᠨ᠎ᠡ᠃ ᠨᠢᠭᠡ ᠳᠤ᠂ ᠮᠡᠳᠡᠭᠡ

ᠵᠠᠭᠤᠴᠢᠯᠠᠭᠤᠷ ᠤᠨ ᠤᠬᠠᠭᠤᠯᠭ᠎ᠠ ᠪᠠᠨ ᠰᠠᠶᠢᠳᠦᠷ ᠬᠢᠵᠦ᠂ ᠤᠯᠤᠰ᠂ ᠤᠷᠤᠨ᠂ ᠬᠤᠲᠡ ᠶᠢᠨ ᠡᠯ᠎ᠡ ᠵᠠᠭᠤᠴᠢᠯᠠᠭᠤᠷ ᠢ

ᠭᠦᠢᠴᠡᠳ ᠠᠰᠢᠭᠯᠡᠨ᠂ ᠪᠦᠬᠦ ᠲᠡᠯ᠎ᠡ ᠢᠶᠠᠷ ᠤᠬᠠᠭᠤᠯᠭ᠎ᠠ ᠬᠢᠵᠦ᠂ ᠪᠦᠬᠦ ᠲᠠᠯ᠎ᠡ ᠪᠠᠷ ᠤᠨᠴᠠᠯᠢᠭ ᠢᠶᠠᠨ ᠲᠤᠪᠤᠶᠢᠯᠭᠠᠵᠦ᠂

ᠨᠦᠯᠦᠭᠡᠯᠡᠬᠦ ᠬᠦᠴᠦᠨ ᠢᠶᠠᠨ ᠨᠡᠮᠡᠭᠲᠡᠭᠦᠯᠦᠨ᠎ᠡ᠃ ᠬᠤᠶᠠᠷ ᠲᠤ᠂ ᠰᠦᠯᠵᠢᠶᠠᠨ ᠤᠬᠠᠭᠤᠯᠭ᠎ᠠ ᠶᠢᠨ ᠦᠢᠯᠡᠳᠦᠯ ᠢ

ᠰᠠᠶᠢᠳᠤᠷ ᠪᠠᠳᠠᠷᠠᠭᠤᠯᠤᠨ᠎ᠡ᠃ ᠱᠢ ᠬᠤᠸᠠ ᠲᠠᠯ᠎ᠡ ᠨᠤᠲᠤᠭ᠂ ᠰᠢᠶᠧ ᠴᠧᠩ ᠰᠦᠯᠵᠢᠶ᠎ᠡ᠂ ᠢ ᠯᠦᠩ ᠰᠦᠯᠵᠢᠶ᠎ᠡ ᠵᠠᠷᠭᠡ

ᠵᠢᠭᠤᠯᠴᠢᠯᠡᠯ ‍ᠤᠨ‌ᠢᠨᠲ᠋ᠧᠷ ᠰᠦᠯᠵᠢᠶᠠᠨ ᠤ ᠦᠢᠯᠡᠳᠦᠯ ᠢ ᠭᠦᠢᠴᠡᠳ ᠪᠠᠲᠠᠷᠠᠭᠤᠯᠵᠦ᠂ ᠲᠠᠷᠬᠠᠨ ᠮᠤᠤᠮᠢᠩᠭᠠᠨ ᠤ

ᠵᠢᠭᠤᠯᠴᠢᠯᠡᠯ ᠤᠨ ᠰᠦᠯᠵᠢᠶ᠎ᠡ᠂ ᠸᠢᠴᠠᠲ ᠲᠡᠪᠴᠠᠩ ᠢ ᠠᠰᠢᠭᠯᠡᠨ᠂ ᠵᠢᠭᠤᠯᠴᠢᠯᠡᠯ ᠤᠨ ᠤᠬᠠᠭᠤᠯᠬᠤ ᠠᠵᠢᠯ ᠢ

ᠰᠢᠭᠤᠷᠬᠠᠢ ᠦᠷᠭᠡᠳᠭᠡᠨ᠎ᠡ᠃ ᠭᠤᠷᠪᠡ ᠳᠤ᠂ ᠪᠤᠲᠠᠲᠦ ᠪᠡᠶ᠎ᠡ ᠵᠢᠨ‌ᠤᠬᠠᠭᠤᠯᠤᠨ ᠲᠠᠨᠢᠯᠴᠠᠭᠤᠯᠬᠤ ᠴᠤᠭᠯᠠᠭᠠᠨ ᠶᠢ

ᠭᠦᠢᠴᠡᠳ ᠠᠰᠢᠭᠯᠡᠨ᠂ ᠡᠯ᠎ᠡ ᠵᠦᠢᠯ ᠤᠨ ᠵᠢᠭᠤᠯᠴᠢᠯᠡᠯ ᠤᠨ ᠲᠠᠨᠢᠯᠴᠠᠭᠤᠯᠭ᠎ᠠ ᠶᠢᠨ ᠴᠤᠭᠯᠠᠭᠠᠨ ᠳᠤ ᠤᠷᠤᠯᠴᠡᠪᠡ᠃

2017 ᠤᠨ ᠳᠤ ᠵᠧᠩᠵᠧᠦ᠂ ᠰᠢ ᠠᠨ᠂ ᠲᠢᠶᠠᠨᠵᠢᠨ ᠳᠤ 3 ᠤᠳᠠᠭᠠᠨ ᠤᠨ ᠲᠠᠨᠢᠯᠴᠠᠭᠤᠯᠭ᠎ᠠ ᠶᠢᠨ ᠬᠤᠷᠡᠯ

ᠡᠷᠬᠢᠯᠡᠪᠡ᠃ ᠲᠦᠷᠪᠡ ᠳᠤ᠂ ᠡᠯ᠎ᠡ ᠵᠢᠭᠤᠯᠴᠢᠯᠡᠯ ᠤᠨ ᠬᠤᠷᠢᠶ᠎ᠡ ᠵᠢᠴᠢ ᠵᠢᠭᠤᠯᠴᠢᠯᠡᠯ ᠤᠨ ᠨᠡᠶᠢᠭᠡᠮᠯᠢᠭ ᠢ ᠠᠰᠢᠭᠯᠡᠨ

ᠬᠤᠰᠢᠭᠤᠨ ᠤ ᠵᠢᠭᠤᠯᠴᠢᠯᠡᠯ ᠤᠨ ᠦᠢᠯᠡᠰ ᠢ ᠤᠬᠠᠭᠤᠯᠵᠦ᠂ ᠤᠬᠢ ᠰᠠᠶᠢᠨ ᠤᠬᠠᠭᠤᠯᠭ᠎ᠠ ᠪᠠᠷ ᠲᠠᠮᠵᠢᠨ

ᠵᠤᠭᠠᠴᠠᠭᠰᠡᠳ ᠤᠨ ᠲᠡᠷᠬᠠᠨ ᠮᠤᠤᠮᠢᠩᠭᠠᠨ ᠢ ᠦᠢᠯᠡᠭᠠᠬᠤ᠂ ᠬᠠᠶᠢᠷᠠᠯᠠᠬᠤ᠂ ᠤᠬᠠᠭᠤᠯᠬᠤ ᠪᠤᠯᠭᠠᠨ᠎ᠡ᠃

     ᠶᠢᠰᠦ᠂ ︽ᠰᠢᠨ᠎ᠡ ᠶᠢ ᠡᠭᠦᠳᠬᠦ᠂ ᠬᠤᠷᠰᠢᠨ ᠬᠠᠮᠵᠢᠯᠴᠠᠬᠤ᠂ ᠬᠠᠮᠲᠦ ᠪᠠᠷ ᠠᠰᠢᠭ ᠬᠦᠷᠲᠡᠬᠦ︾ ᠦᠵᠡᠯᠲᠡ ᠪᠠᠷ

︽ᠪᠦᠬᠦᠶᠢᠯᠡ ᠤᠷᠤᠨ ᠪᠦᠰᠡ ᠶᠢᠨ ᠵᠢᠭᠤᠯᠴᠢᠯᠡᠯ︾ ᠢ ᠪᠠᠶᠢᠷᠢᠯᠠᠭᠤᠯᠤᠨ᠎ᠡ᠃ ᠬᠦᠬᠡᠬᠤᠲᠡ᠂ ᠪᠤᠭᠤᠲᠦ᠂ ᠤᠷᠳᠤᠰ ᠤᠨ ︽

ᠪᠦᠬᠦᠶᠢᠯᠡ ᠤᠷᠤᠨ ᠪᠦᠰᠡ ᠶᠢᠨ ᠵᠢᠭᠤᠯᠴᠢᠯᠡᠯ︾ ᠤᠨ ᠪᠠᠶᠢᠯᠲᠤᠬᠤ ᠪᠤᠳᠤᠯᠭ᠎ᠠ ᠳᠤ ᠠᠭᠤᠰᠤᠯᠴᠡᠨ᠂ ᠵᠦᠪᠬᠡᠨ

ᠲᠠᠷᠬᠠᠨ ᠮᠤᠤᠮᠢᠩᠭᠠᠨ ᠢᠶᠠᠨ ᠲᠦᠯᠦᠪᠯᠡᠬᠦ ᠰᠡᠳᠬᠢᠮᠵᠢ ᠠᠴᠠ ᠭᠠᠷᠴᠦ ᠶᠠᠪᠤᠨ᠂ ᠠᠭᠤᠯᠠᠨ ᠠᠷᠦ ᠶᠢᠨ ᠵᠢᠭᠤᠯᠴᠢᠯᠡᠯ ᠤᠨ

ᠡᠬᠢ ᠰᠤᠷᠪᠤᠯᠵᠢ ᠶᠢᠨ ᠲᠠᠪᠠᠭᠤᠯᠢᠭ ᠢ ᠤᠯᠵᠦ ᠬᠠᠷᠠᠨ᠂ ᠭᠦᠶᠠᠩ᠂ ᠦᠴᠦᠸᠠᠨ᠂ ᠪᠠᠶ᠋ᠬᠠᠤᠪᠤᠭ᠎ᠠ᠂ ᠲᠦᠷᠪᠡᠳ

ᠬᠤᠰᠢᠭᠤᠨ ᠤ ᠨᠢᠭᠡᠨᠲᠡ ᠪᠦᠷᠢᠯᠳᠦᠭᠰᠡᠨ ᠦᠵᠡᠮᠵᠢ ᠶᠢᠨ ᠤᠷᠤᠨ ᠪᠡ ᠵᠢᠭᠤᠯᠴᠢᠯᠠᠯ ᠤᠨ ᠵᠠᠮ ᠱᠣᠭᠤᠮ ᠲᠠᠢ ᠨᠢᠬᠲᠡ

ᠬᠤᠯᠪᠤᠯᠳᠡᠵᠦ᠂ ᠤᠯᠤᠰ ᠤᠨ ᠡᠯ᠎ᠡ ᠲᠤᠮᠦ ᠵᠢᠭᠤᠯᠴᠢᠯᠡᠯ ᠤᠨ ᠬᠤᠷᠢᠶ᠎ᠡ ᠲᠠᠢ ᠢᠳᠡᠪᠬᠢᠯᠡᠨ ᠬᠠᠷᠢᠯᠴᠠᠵᠦ᠂ ᠠᠭᠤᠯᠠᠨ

ᠠᠷᠦ ᠶᠢᠨ ᠵᠢᠭᠤᠯᠴᠢᠯᠡᠯ ᠤᠨ ᠶᠡᠭᠡ ᠤᠷᠴᠢᠯ ᠲᠤᠭᠤᠷᠢᠭ ᠢ ᠪᠤᠢ ᠪᠤᠯᠭᠠᠨ᠎ᠡ᠃ ᠦᠵᠡᠮᠵᠢ ᠶᠢᠨ ᠤᠷᠤᠨ᠂ ᠭᠦᠳᠡᠭᠡ

ᠲᠤᠰᠬᠤᠨ ᠤ ᠵᠤᠭᠠᠴᠡᠯ ᠢᠶᠠᠨ ᠰᠢᠭᠤᠷᠬᠠᠢ ᠲᠡᠭᠦᠯᠲᠡᠷᠵᠢᠭᠦᠯᠵᠦ᠂ ᠪᠠᠶᠢᠬᠤ ᠲᠠᠪᠠᠭᠤᠯᠢᠭ ᠢᠶᠠᠨ ᠠᠰᠢᠭᠯᠡᠨ ᠮᠠᠨ ᠤ

ᠬᠤᠰᠢᠭᠤ ᠪᠠᠨ ᠠᠭᠤᠯᠡᠨ ᠠᠷᠦ ᠶᠢᠨ ᠵᠢᠭᠤᠯᠴᠢᠯᠡᠯ ᠤᠨ ᠬᠠᠮᠤᠭ ᠴᠢᠬᠤᠯᠡ ᠭᠠᠵᠠᠷ᠂ ᠬᠠᠮᠤᠭ ᠭᠤᠶᠤ ᠦᠵᠡᠮᠵᠢ

ᠪᠤᠯᠭᠠᠨ᠂ ︽ᠰᠢᠨ᠎ᠡ ᠶᠢ ᠡᠭᠦᠳᠬᠦ᠂ ᠬᠤᠷᠰᠢᠨ ᠬᠠᠮᠵᠢᠯᠴᠠᠬᠤ᠂ ᠬᠠᠮᠲᠦ ᠪᠠᠷ ᠠᠰᠢᠭ ᠬᠦᠷᠲᠡᠬᠦ︾ ᠦᠵᠡᠯᠲᠡ ᠪᠠᠷ

ᠠᠭᠤᠯᠠᠨ ᠠᠷᠦ ᠶᠢᠨ ᠵᠢᠭᠤᠯᠴᠢᠯᠡᠯ ᠤᠨ ᠬᠦᠭᠵᠢᠯᠲᠡ ᠶᠢᠨ ᠲᠤᠮᠲᠡ ᠨᠢᠭᠡ ᠵᠤᠷᠪᠤᠰ ︽ᠪᠠᠶᠢᠬᠤ ᠮᠦᠷᠲᠡᠭᠡᠨ ᠰᠠᠶᠢᠨ᠂

ᠰᠠᠶᠢᠨ ᠪᠦᠭᠡᠳ ᠰᠢᠯᠢᠲᠡᠭ︾ ᠵᠢᠭᠤᠯᠴᠢᠯᠡᠯ ᠤᠨ ᠵᠠᠮ ᠢ ᠭᠠᠷᠭᠠᠵᠦ᠂ ᠵᠤᠭᠠᠴᠠᠭᠰᠡᠳ‌ᠠᠭᠤᠯᠠᠨ ᠠᠷᠦ ᠳᠤ ᠠᠶᠠᠯᠠᠬᠤ

ᠪᠤᠯᠭᠠᠨ᠂ ᠦᠪᠦᠷ ᠮᠤᠩᠭᠤᠯ ᠳᠤ ᠠᠶᠢᠯᠴᠢᠯᠠᠬᠤ ᠪᠤᠯᠭᠠ᠊᠂ ᠬᠦᠬᠡᠬᠤᠲᠡ ᠪᠤᠭᠤᠲᠦ ᠤᠷᠳᠤᠰ ᠲᠤ ᠢᠷᠡᠬᠦ ᠪᠤᠯᠭᠠᠨ᠂

ᠲᠠᠷᠬᠠᠨ ᠮᠤᠤᠮᠢᠩᠭᠠᠨ ᠳᠤ ᠯᠡᠪᠲᠠᠢ ᠢᠷᠡᠬᠦ ᠬᠠᠨᠳᠦᠰᠢ ᠢ ᠪᠤᠢ ᠪᠤᠯᠭᠠᠨ᠎ᠡ᠃

     ᠠᠷᠪᠡ᠂ ᠨᠡᠭᠦᠲᠡᠯ ᠰᠤᠶᠤᠯ ᠤᠨ ᠵᠤᠭᠠᠴᠡᠯ ᠤᠨ ᠨᠠᠶᠢᠷ ᠢᠶᠠᠷ ᠲᠠᠪᠴᠡᠩ ᠪᠤᠯᠭᠠᠨ᠂ ︽ᠪᠦᠭᠦᠶᠢᠯᠡ ᠤᠷᠤᠨ ᠪᠦᠰᠡ

 ᠶᠢᠨ ᠵᠢᠭᠤᠯᠴᠢᠯᠡᠯ︾ ᠢ ᠶᠡᠬᠡᠪᠡᠷ ᠬᠦᠭᠵᠢᠭᠦᠯᠦᠨ᠎ᠡ᠃ 2017 ᠤᠨ ᠤ ᠰᠤᠶᠤᠯ ᠵᠤᠭᠠᠴᠡᠯ ᠤᠨ ᠨᠠᠶᠢᠷ ᠤᠨ

ᠬᠤᠭᠤᠴᠠᠭᠠᠨ ᠳᠤ᠂ ᠮᠠᠨ ᠤ ᠬᠤᠰᠢᠭᠤ ︽ᠴᠠᠭ ᠦᠶᠠᠴᠢ ᠮᠠᠯᠵᠢᠬᠤ ᠵᠢᠭᠤᠯᠴᠢᠯᠠᠯ᠂ ᠲᠠᠷᠬᠠᠨ ᠮᠤᠤᠮᠢᠩᠭᠠᠨ ᠤ ᠠᠶᠠᠯᠠᠯ︾

᠂ ︽ᠮᠠᠯᠵᠢᠬᠤ ᠠᠮᠢᠳᠤᠷᠡᠯ ᠤᠨ ᠬᠦᠰᠡᠯ︾᠂ ︽ᠲᠦᠮᠡᠨ ᠭᠠᠵᠠᠷ ᠤᠨ ᠲᠡᠮᠡᠭᠡᠨ ᠵᠢᠩ︾ ᠵᠠᠷᠭᠡ 30 ᠭᠠᠷᠣᠢ

ᠰᠤᠳᠤᠨ ᠵᠢᠭᠤᠯᠴᠢᠯᠡᠯ ᠤᠨ ᠬᠦᠳᠡᠯᠭᠡᠭᠡᠨ ᠢ ᠬᠢᠨᠠᠮᠠᠭᠠᠢ ᠵᠤᠬᠢᠶᠠᠨ ᠪᠠᠶᠢᠭᠤᠯᠵᠦ᠂ ᠠᠮᠵᠢᠯᠲᠡ ᠲᠠᠢ ᠶᠠᠪᠤᠭᠳᠠᠭᠤᠯᠬᠤ

ᠪᠦᠭᠡᠳ ᠡᠯ᠎ᠡ ᠰᠤᠮᠦ ᠰᠢᠶᠠᠩ ᠪᠠᠯᠭᠠᠰᠦ ᠦᠪᠡᠷ ᠤᠨ ᠤᠨᠴᠠᠯᠢᠭ ᠲᠠᠢ ᠪᠠᠨ ᠤᠶᠠᠯᠳᠤᠭᠤᠯᠦᠨ᠂ ᠨᠠᠭᠠᠲᠦ ᠵᠠᠬ᠎ᠠ ᠨᠢᠭᠡ

ᠵᠦᠢᠯ ᠤᠨ ᠦᠪᠡᠷᠮᠢᠴᠡ ᠤᠨᠴᠠᠯᠢᠭᠲᠦ ᠵᠢᠭᠤᠯᠴᠢᠯᠡᠯ ᠤ ᠬᠦᠲᠡᠯᠭᠡᠭᠡᠨ ᠦᠷᠨᠢᠭᠦᠯᠦᠨ᠎ᠡ᠃ ᠬᠦᠲᠡᠯᠭᠡᠭᠡᠨ ᠦᠷᠨᠢᠭᠦᠯᠬᠦ

 ᠪᠠᠷ ᠲᠠᠮᠵᠢᠨ ᠵᠢᠭᠤᠯᠴᠢᠯᠡᠯ ᠤᠨ ᠨᠦᠯᠦᠭᠡᠯᠡᠬᠦ ᠬᠦᠴᠦᠨ ᠢ ᠦᠷᠭᠡᠳᠬᠡᠵᠦ᠂ ᠨᠡᠷ᠎ᠡ ᠠᠯᠲᠡᠷᠰᠢᠯ ᠢᠶᠠᠨ ᠳᠡᠭᠡᠭᠰᠢᠯᠡᠭᠦᠯᠵᠦ᠂

︽ᠪᠦᠬᠦᠶᠢᠯᠡ ᠤᠷᠤᠨ ᠪᠦᠰᠡ ᠶᠢᠨ ᠵᠢᠭᠤᠯᠴᠢᠯᠡᠯ︾ ᠢ ᠬᠦᠴᠦᠷᠭᠡᠭᠵᠢᠭᠦᠯᠦᠨ᠎ᠡ᠃

 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号