ᠰᠤᠶᠤᠯ ᠢᠶᠠᠷ ᠲᠠᠭᠠᠭᠠᠭᠤᠯᠬᠤ ᠶᠢ ᠴᠢᠩᠭᠠᠷᠠᠭᠤᠯᠵᠦ᠂ ᠬᠡᠯᠪᠡᠷᠢ ᠦᠭᠡᠷᠡᠴᠢᠯᠡᠨ ᠬᠦᠭᠵᠢᠬᠦ ᠶᠢ ᠠᠬᠢᠭᠤᠯᠤᠨ᠎ᠡ
ᠨᠡᠶᠢᠲᠡᠯᠡᠭᠰᠡᠨ ᠴᠠᠭ᠄
2018-04-16
     

      ᠰᠤᠷᠪᠤᠯᠵᠢᠯᠠᠭ᠎ᠠ ᠶᠢᠨ ᠭᠤᠤᠯ ᠰᠡᠳᠦᠪ᠄ ᠰᠤᠶᠤᠯ ᠢᠶᠠᠷ ᠲᠠᠭᠠᠭᠠᠭᠤᠯᠬᠤ ᠶᠢ ᠴᠢᠩᠭᠠᠷᠠᠭᠤᠯᠵᠦ᠂ ᠬᠡᠯᠪᠡᠷᠢ

ᠦᠭᠡᠷᠡᠴᠢᠯᠡᠨ ᠬᠦᠭᠵᠢᠬᠦ ᠶᠢ ᠠᠬᠢᠭᠤᠯᠤᠨ᠎ᠡ

      ᠰᠤᠷᠪᠤᠯᠵᠢᠯᠠᠭ᠎ᠠ ᠶᠢᠨ ᠬᠦᠨᠳᠦᠳᠦ ᠵᠤᠴᠢᠨ᠄ ᠬᠤᠰᠢᠭᠤ ᠨᠠᠮ ᠤᠨ ᠬᠤᠷᠢᠶᠠᠨ ᠤ ᠱᠦᠵᠢ ᠡᠩᠭᠡᠳᠦ᠋ᠪᠰᠢᠨ

      ᠰᠤᠷᠪᠤᠯᠵᠢᠯᠠᠭ᠎ᠠ ᠶᠢᠨ ᠴᠠᠭ ᠬᠤᠭᠤᠴᠠᠭ᠎ᠠ᠄ 2017 ᠤᠨ ᠤ 2 ᠰᠠᠷ᠎ᠡ ᠶᠢᠨ 20 ᠤ ᠡᠳᠦᠷ

      ᠬᠦᠲᠦᠯᠦᠭᠴᠢ᠄ ᠴᠦᠭᠡᠨ ᠲᠤᠭᠠᠲᠦ ᠦᠨᠳᠦᠰᠦᠲᠡᠨ ᠤ ᠤᠷᠤᠨ ᠪᠤᠯᠤᠭᠰᠡᠨ ᠳᠤ ᠬᠤᠪᠢ ᠳᠤ᠂ ᠮᠠᠨ ᠤ

ᠬᠤᠰᠢᠭᠤ ᠰᠤᠶᠤᠯ ᠤᠨ ᠡᠬᠢ ᠪᠠᠶᠠᠯᠢᠭ ᠢᠶᠠᠨ ᠬᠡᠷᠬᠢᠨ ᠠᠰᠢᠭᠯᠠᠵᠦ ᠪᠠᠶᠢᠭᠠᠳ ᠤᠷᠤᠨ ᠨᠤᠲᠤᠭ ᠤᠨ ᠠᠵᠦ ᠠᠬᠤᠢ

ᠨᠡᠶᠢᠭᠡᠮ ᠤᠨ ᠭᠦᠭᠵᠢᠯᠲᠡ ᠶᠢ ᠠᠬᠢᠭᠤᠯᠬᠤ ᠪᠤᠢ︖

      ᠡᠩᠭᠡᠳᠦ᠋ᠪᠰᠢᠨ᠄ ᠮᠠᠨ ᠤ ᠬᠤᠰᠢᠭᠤ ᠦᠨᠢ ᠤᠳᠠᠭᠠᠨ ᠲᠡᠦᠭᠡ ᠲᠠᠢ᠂ ᠦᠯᠡᠮᠵᠢ ᠵᠤᠵᠠᠭᠠᠨ ᠰᠤᠶᠤᠯ ᠲᠠᠢ᠃

ᠦᠢᠷ᠎ᠡ ᠶᠢᠨ ᠵᠢᠯ ᠳᠤ᠂ ᠮᠠᠨ ᠤ ᠬᠤᠰᠢᠭᠤ ᠰᠤᠶᠤᠯ ᠢᠶᠠᠷ ᠲᠠᠭᠠᠭᠭᠤᠯᠬᠤ ᠪᠠᠨ ᠢᠮᠠᠭᠲᠡ ᠴᠢᠩᠭᠠᠷᠠᠭᠤᠯᠵᠦ᠂

ᠵᠢᠭᠤᠯᠴᠢᠯᠡᠯ ᠤᠨ ᠬᠦᠭᠵᠢᠯᠲᠡ ᠶᠢ ᠳᠠᠶᠢᠴᠢᠯᠠᠵᠤ᠂ ᠠᠵᠦ ᠦᠢᠯᠡᠰ ᠤᠨ ᠬᠡᠯᠪᠡᠷᠢ ᠶᠢᠨ ᠦᠭᠡᠷᠡᠴᠢᠯᠡᠯᠲᠡ ᠶᠢ

ᠠᠬᠢᠭᠤᠯᠵᠦ᠂ ᠠᠷᠡᠳ ᠤᠯᠠᠨ ᠳᠤ ᠪᠠᠨ ᠦᠢᠯᠡᠴᠢᠯᠡᠵᠦ᠂ ᠢᠯᠡᠳᠲᠡ ᠠᠮᠵᠢᠯᠲᠡ ᠤᠯᠤᠭᠰᠡᠨ ᠪᠠᠶᠢᠨ᠎ᠡ᠃

      ᠰᠠᠭᠤᠷᠢ ᠪᠦᠲᠦᠭᠡᠨ ᠪᠠᠶᠢᠭᠤᠯᠤᠯᠲᠡ ᠪᠠᠨ ᠴᠢᠩᠭᠠᠷᠠᠭᠤᠯᠵᠦ᠂ ᠦᠢᠯᠡᠴᠢᠯᠡᠭᠡᠨ ᠤ ᠬᠡᠯᠪᠡᠷᠢ ᠶᠢᠨ

ᠦᠭᠡᠷᠡᠴᠢᠯᠡᠯᠲᠡ ᠶᠢ ᠲᠠᠶᠢᠴᠢᠯᠡᠨ᠎ᠡ᠃ ᠦᠢᠷ᠎ᠡ ᠶᠢᠨ ᠵᠢᠯ ᠳᠤ᠂ ᠪᠤᠭᠤᠲᠦ ᠬᠤᠲᠡ ᠤᠯᠤᠰ ᠤᠨ ᠲᠡᠰ ‍ᠤᠨ‌ᠤᠯᠡᠨ

ᠨᠡᠶᠢᠲᠡ ᠶᠢᠨ ᠰᠤᠶᠤᠯ ᠦᠢᠯᠡᠴᠢᠯᠡᠭᠡᠨ ᠤ ᠲᠠᠭᠤᠷᠢᠶᠠᠯ ᠬᠤᠲᠡ ᠲᠤᠭᠤᠷᠢᠭ ᠪᠠᠶᠢᠭᠤᠯᠬᠤ ᠲᠡᠰᠢᠷᠠᠮ ᠢᠶᠠᠷ᠂ ᠮᠠᠨ ᠤ

ᠬᠤᠰᠢᠭᠤ ᠰᠣᠶᠤᠯ ᠤᠨ ᠪᠦᠲᠦᠭᠡᠨ ᠪᠠᠶᠢᠭᠤᠯᠤᠯᠲᠡ ᠶᠢᠨ ᠭᠤᠤᠯᠳᠠᠯᠭ᠎ᠠ ᠪᠠᠨ ᠭᠤᠷᠪᠠᠨ ᠱᠠᠳᠤᠨ ᠤ ᠤᠯᠡᠨ ᠨᠡᠶᠢᠲᠡ

 ᠶᠢᠨ ᠰᠤᠶᠤᠯ ᠦᠢᠯᠡᠴᠢᠯᠡᠭᠡᠨ ᠤ ᠰᠢᠰᠲ᠋ᠧᠮ ᠤᠨ ᠲᠡᠬᠦᠯᠲᠡᠷᠵᠢᠭᠦᠯᠦᠯᠲᠠ ᠲᠡᠭᠡᠷ᠎ᠡ ᠲᠠᠯᠪᠢᠵᠦ᠂ ᠬᠤᠰᠢᠭᠤ ᠰᠢᠶᠠᠩ

ᠲᠤᠰᠬᠤᠨ ᠭᠤᠷᠪᠠᠨ ᠱᠠᠳᠤᠨ ᠤ ᠤᠯᠡᠨ ᠨᠡᠶᠢᠲᠡ ᠶᠢᠨ ᠰᠤᠶᠤᠯ ᠦᠢᠯᠡᠴᠢᠯᠡᠭᠡᠨ ᠤ ᠲᠤᠤᠷ ᠰᠦᠯᠵᠢᠶ᠎ᠡ ᠶᠢ

ᠦᠨᠳᠦᠰᠦᠨ ᠳᠡᠭᠡᠨ ᠪᠡᠶᠡᠯᠡᠭᠦᠯᠪᠡ᠃ ᠪᠠᠢ ᠯᠢᠩ ᠨᠠᠭᠠᠳᠤᠮ ᠰᠤᠶᠤᠯ ︵ᠲᠠᠮᠢᠷ︶ ᠤᠨ ᠠᠵᠦ ᠦᠢᠯᠡᠰ ᠤᠨ ᠲᠤᠭᠤᠷᠢᠭ ᠢ

ᠪᠠᠶᠢᠭᠤᠯᠵᠦ᠂ ᠤᠷᠠᠨ ᠰᠠᠶᠢᠬᠠᠨ ᠤ ᠲᠤᠭᠯᠠᠯᠲᠡ ᠶᠢᠨ ᠲᠦᠪ᠂ ᠮᠡᠲᠡᠭᠡ ᠵᠠᠭᠤᠴᠢᠠᠯᠭᠤᠷ ᠤᠨ ᠲᠦᠪ᠂ ᠮᠦᠽᠧᠢ ᠪᠤᠯᠤᠨ

ᠦᠵᠡᠰᠭᠦᠯᠡᠩ ᠤᠨ ᠤᠷᠳᠤᠨ ᠵᠠᠷᠭᠡ ᠲᠦᠷᠪᠡᠨ ᠭᠠᠭᠴᠡ ᠪᠠᠶᠡᠲᠦ ᠪᠠᠷᠢᠯᠭ᠎ᠠ ᠶᠢ ᠡᠬᠢᠯᠡᠭᠦᠯᠪᠡ᠃ ᠤᠳᠤᠬᠠᠨ ᠳᠤ

ᠭᠤᠤᠯ ᠴᠤᠭᠴᠡ ᠶᠢᠨ ᠪᠠᠷᠢᠯᠭ᠎ᠠ ᠪᠡ ᠭᠠᠳᠠᠷ ᠦᠵᠡᠮᠵᠢ ᠶᠢᠨ ᠵᠠᠰᠠᠨ ᠴᠢᠮᠡᠭᠯᠡᠬᠦ ᠠᠵᠢᠯ ᠢ ᠦᠨᠳᠦᠰᠦᠨ ᠳᠡᠭᠡᠨ

ᠲᠠᠭᠤᠰᠬᠠᠵᠦ᠂ 2017 ᠤᠨ ᠳᠤ ᠪᠠᠷᠢᠵᠦ ᠳᠠᠭᠤᠰᠬᠠᠬᠤ ᠪᠠᠷ ᠲᠦᠯᠦᠪᠯᠡᠵᠦ ᠪᠠᠶᠢᠨ᠎ᠡ᠃ ᠪᠠᠶᠢᠭᠤᠯᠤᠭᠳᠠᠭᠰᠡᠨ ᠤ

ᠲᠠᠷᠠᠭ᠎ᠠ᠂ ᠲᠡᠳᠡᠭᠡᠷ ᠨᠢ ᠲᠡᠷᠦᠢ ᠮᠠᠨ ᠤ ᠬᠤᠰᠢᠭᠤᠨ ᠤ ᠤᠷᠤᠨ ᠨᠤᠲᠤᠭ ᠤᠨ ᠪᠡᠯᠭᠡ ᠲᠡᠮᠳᠡᠭ ᠪᠤᠯᠤᠭᠰᠡᠨ ᠪᠠᠷᠢᠯᠭ᠎ᠠ

ᠪᠤᠯᠤᠨ᠎ᠡ᠃12 ᠰᠤᠮᠦ ᠰᠢᠶᠠᠩ ᠪᠠᠯᠭᠠᠰᠤᠨ ᠳᠤ ᠶᠡᠷᠦᠩᠬᠡᠶᠢᠯᠡᠭᠰᠡᠨ ᠰᠤᠶᠤᠯ ᠤᠨ ᠦᠷᠲᠡᠭᠡ ᠪᠠᠶᠢᠭᠤᠯᠵᠦ᠂ ᠰᠢᠨ᠎ᠡ

ᠬᠦᠳᠡᠭᠡ ᠲᠤᠰᠬᠤᠨ ᠤ ᠪᠦᠲᠦᠭᠡᠨ ᠪᠠᠶᠢᠭᠤᠯᠤᠯᠲᠡ ᠲᠠᠢ ᠤᠶᠠᠯᠳᠤᠭᠤᠯᠦᠨ᠂ ᠭᠠᠴᠠᠭ᠎ᠠ ᠲᠤᠰᠬᠤᠨ ︵ᠨᠡᠶᠢᠭᠡᠮ

ᠲᠤᠭᠤᠷᠢᠭ︶ ᠳᠤ ᠰᠤᠶᠤᠯ ᠤᠨ ᠦᠷᠦᠭᠡ 85᠂ ᠰᠤᠶᠤᠯ ᠤᠨ ᠲᠡᠯᠡᠪᠠᠢ 56 ᠶᠢ ᠪᠠᠶᠢᠭᠤᠯᠵᠦ᠂ ᠮᠠᠯᠴᠢᠨ ᠲᠠᠷᠢᠶᠠᠴᠢᠨ

 ᠳᠤ ᠨᠡᠩ ᠰᠠᠶᠢᠨ ᠬᠦᠳᠡᠯᠭᠡᠭᠡᠨ ᠬᠢᠬᠦ ᠤᠷᠴᠢᠨ ᠬᠠᠩᠭᠠᠵᠦ ᠦᠭᠪᠡ᠃ ᠮᠠᠯᠵᠢᠬᠤ ᠤᠷᠤᠨ ᠤ ᠪᠦᠢᠲᠡ ᠵᠠᠶᠢᠳᠠᠭᠤ᠂

ᠲᠠᠷᠬᠠᠢ ᠪᠤᠲᠠᠷᠬᠠᠢ ᠰᠠᠭᠤᠷᠢᠰᠢᠭᠰᠡᠨ ᠪᠤᠲᠠᠲᠦ ᠪᠠᠶᠢᠳᠡᠯ ᠢ ᠦᠨᠳᠦᠰᠦᠯᠡᠨ᠂ ︽ᠲᠤᠭᠠᠴᠢᠯᠠᠭᠰᠡᠨ ᠰᠤᠶᠤᠯ ᠢ ᠢᠰᠡᠭᠡᠢ

ᠭᠡᠷ ᠲᠤ ᠤᠷᠤᠭᠤᠯᠬᠤ︾ ᠠᠷᠡᠳ ᠲᠤ ᠠᠰᠢᠭᠲᠠᠢ ᠢᠨᠵᠧᠨᠧᠷᠢᠩ ᠢ ᠨᠠᠶᠢᠲᠠᠪᠤᠷᠢᠵᠢᠭᠤᠯᠵᠦ᠂ ᠮᠠᠨᠳᠤᠯ ᠪᠠᠯᠭᠠᠰᠦ᠂

ᠪᠠᠶᠠᠨᠬᠤᠸᠠ ᠪᠠᠯᠭᠠᠰᠤ ᠵᠠᠷᠭᠡ ᠭᠠᠵᠠᠷ ᠲᠤ ᠰᠢᠯᠵᠢᠮᠡᠯ ᠬᠤᠯᠪᠤᠭᠠᠨ ᠤ ᠲᠤᠰᠦ ᠨᠡᠮᠡᠭᠦ ᠦᠷᠲᠡᠭᠡ85 ᠶᠢ ᠪᠠᠶᠢᠭᠤᠯᠵᠦ᠂

ᠮᠠᠯᠴᠢᠳ ᠲᠤ ᠮᠤᠩᠭᠤᠯ ᠬᠢᠲᠡᠳ ᠬᠤᠶᠠᠷ ᠬᠡᠯᠡᠨ ᠤ ᠰᠤᠷᠪᠤᠯᠵᠢ ᠬᠠᠩᠭᠠᠵᠦ᠂ ᠮᠠᠯᠴᠢᠨ ᠲᠠᠷᠢᠶᠠᠴᠢᠨ ᠳᠤ ᠦᠨᠡᠨᠬᠦ

ᠠᠰᠢᠭ ᠬᠦᠷᠲᠡᠭᠡᠪᠡ᠃ 2016 ᠤᠨ ᠳᠤ᠂ ᠦᠪᠡᠷᠲᠡᠭᠡᠨ ᠵᠠᠰᠠᠬᠤ ᠤᠷᠤᠨ ‍ᠤᠨ‌‍ᠰᠤᠨᠢᠨ ᠮᠡᠲᠡᠭᠡ ᠬᠡᠪᠯᠡᠯ ᠷᠠᠳᠢᠤ᠋

ᠲᠧᠯᠧᠢᠰ ᠤᠨ ᠬᠢᠯᠢ ᠪᠠᠬᠢᠵᠢᠭᠦᠯᠬᠦ ᠢᠨᠵᠧᠨᠧᠷᠢᠩ ᠤᠨ ᠲᠤᠬᠠᠢ ᠲᠠᠯᠠᠪᠠᠢ ᠶᠢᠨ ᠰᠤᠯᠢᠯᠴᠠᠬᠤ ᠬᠤᠷᠠᠯ ᠢ ᠲᠠᠭᠠᠭᠠᠴᠢᠯᠡᠨ

ᠠᠮᠵᠢᠯᠲᠡ ᠲᠠᠢ ᠡᠷᠬᠢᠯᠡᠪᠡ᠃

      ᠲ᠊‍ᠦ᠋ᠯᠦᠪᠵᠢᠭᠦᠯᠭᠡ ᠲᠠᠢ ᠬᠠᠮᠠᠭᠠᠯᠠᠬᠤ ᠪᠠᠨ ᠴᠢᠩᠭᠠᠷᠠᠭᠤᠯᠵᠦ᠂ ᠲᠠᠪᠠᠭᠤᠯᠢᠭ ᠢᠶᠠᠨ ᠪᠠᠳᠠᠷᠠᠭᠤᠯᠬᠤ ᠶᠢ

ᠲᠠᠶᠢᠴᠢᠯᠡᠨ᠎ᠡ᠃ ᠰᠤᠶᠤᠯ ᠤᠨ ᠦᠪ ᠪᠤᠯ ᠲᠡᠷᠬᠠᠨ ᠲᠡᠯ᠎ᠡ ᠨᠤᠲᠤᠭ ᠤᠨ ︽ᠦᠨᠳᠦᠰᠦ᠂ ᠰᠤᠷᠪᠤᠯᠵᠢ︾ ᠪᠤᠯᠤᠨ᠎ᠡ᠂

ᠲᠡᠦᠬᠡ ᠶᠢᠨ ︽ᠭᠡᠷᠡᠴᠢᠯᠡᠭᠴᠢ᠂ ᠲᠡᠮᠲᠡᠭᠯᠡᠭᠴᠢ︾ ᠪᠤᠯᠤᠨ᠎ᠡ᠃ ᠤᠯᠠᠨ ᠵᠢᠯ ᠤᠨ ᠲᠤᠷᠰᠢ᠂ ᠮᠠᠨ ᠤᠨ ᠬᠤᠰᠢᠭᠤ

ᠠᠰᠢᠭᠯᠠᠯᠲᠡ ᠪᠡ ᠬᠠᠮᠠᠭᠠᠯᠠᠯᠲᠡ ᠶᠢ ᠵᠠᠷᠭᠡᠪᠡᠷ ᠪᠠᠷᠢᠮᠳᠠᠯᠠᠵᠦ᠂ ᠰᠤᠶᠤᠯ ᠤᠨ ᠦᠪ ᠳᠤ ᠬᠠᠮᠠᠭᠠᠯᠠᠯᠲᠡ ᠶᠢᠨ ᠴᠢᠨᠠᠷᠲᠠᠢ

ᠨᠡᠭᠡᠭᠡᠨ ᠠᠰᠢᠭᠯᠠᠯᠲᠡ‌‍ᠬᠢᠵᠦ᠂ ᠠᠵᠦ ᠠᠬᠤᠢ ᠨᠡᠶᠢᠭᠡᠮ ᠤᠨ ᠪᠦᠲᠦᠭᠡᠨ ᠪᠠᠶᠢᠭᠤᠯᠤᠯᠲᠡ ᠪᠡ ᠰᠤᠶᠤᠯ ᠤᠨ ᠡᠬᠢ

ᠪᠠᠶᠠᠯᠢᠭ ᠢ ᠬᠠᠮᠠᠭᠠᠯᠠᠬᠤ ᠲᠠᠯ᠎ᠡ ᠶᠢᠨ ᠵᠦᠷᠢᠴᠡᠯ ᠢ ᠵᠤᠬᠢᠰᠲᠠᠢ ᠰᠢᠢᠳᠪᠦᠷᠢᠯᠡᠵᠦ᠂ ᠲᠡᠭᠷᠢ ᠶᠢᠨ ᠬᠡᠰᠢᠭ ᠬᠦᠷᠲᠡᠭᠰᠡᠨ

ᠲᠠᠪᠠᠭᠤᠯᠢᠭ ᠪᠡ ᠦᠷᠲᠡᠭ ᠢᠶᠠᠨ ᠭᠦᠢᠴᠡᠳ ᠪᠠᠲᠠᠷᠠᠭᠤᠯᠤᠭᠰᠡᠨ ᠪᠠᠶᠢᠨ᠎ᠡ᠃ 2016 ᠤᠨ ᠳᠤ᠂ ᠪᠦᠬᠦ ᠤᠯᠤᠰ ᠤᠨ

ᠬᠦᠲᠡᠯᠦᠩᠭᠦᠢ ᠲᠡᠦᠬᠡ ᠶᠢᠨ ᠲᠤᠷᠠᠰᠬᠠᠯᠲᠦ ᠵᠦᠢᠯ ᠳ᠋ᠥ‌ᠠᠩᠬ᠎ᠠ ᠤᠳᠠᠭᠠᠨ ᠤ ᠨᠡᠶᠢᠲᠡᠮ ᠪᠠᠶᠢᠴᠠᠭᠠᠯᠲᠡ ᠬᠢᠵᠦ᠂

ᠮᠠᠷᠭᠡᠵᠢᠯᠲᠡᠳ ᠤᠷᠢᠵᠦ ᠮᠦᠽᠧᠢ ᠳᠤ ᠬᠠᠳᠠᠭᠠᠯᠠᠭᠳᠠᠵᠦ ᠪᠠᠶᠢᠭ᠎ᠠ ᠲᠡᠦᠬᠡ ᠶᠢᠨ ᠲᠤᠷᠠᠰᠬᠠᠯᠲᠦ ᠵᠦᠢᠯ ᠳᠤ ᠲᠡᠰ

ᠵᠠᠷᠭᠡ ᠶᠢᠨ ᠦᠨᠡᠯᠡᠯᠲᠡ ᠬᠢᠵᠦ᠂ ᠤᠯᠤᠰ ᠤᠨ ᠲᠡᠰ ᠤᠨ ᠭᠤᠤᠯᠲᠠᠯᠭᠠᠲᠦ ᠲᠡᠦᠭᠡ ᠶᠢᠨ ᠲᠤᠷᠠᠰᠬᠠᠯᠲᠦ ᠵᠦᠢᠯ ᠤᠨ

ᠬᠠᠮᠠᠭᠠᠯᠠᠯᠲᠡ ᠶᠢᠨ ᠨᠢᠭᠡᠴᠢ ᠪᠤᠯᠬᠤ ᠠᠨᠲᠡ ᠪᠠᠬᠢᠯᠡᠯᠲᠡ ᠶᠢᠨ ᠬᠠᠭᠤᠴᠢᠨ ᠬᠤᠲᠡ ᠶᠢ ᠬᠠᠭᠠᠮᠠᠯᠠᠬᠤ᠂ ᠪᠠᠲᠤᠬᠠᠭᠠᠯᠭ᠎ᠠ

 ᠶᠢᠨ ᠪᠤᠰᠤᠯᠭ᠎ᠠ ᠶᠢᠨ ᠬᠠᠭᠤᠴᠢᠨ ᠪᠠᠭᠤᠷᠢ ᠶᠢᠨ ᠠᠶᠤᠩᠭ᠎ᠠ ᠰᠡᠷᠭᠡᠶᠢᠯᠡᠬᠦ᠂ ᠪᠠᠲᠤᠬᠠᠭᠠᠯᠭ᠎ᠠ ᠶᠢᠨ ᠶᠡᠫᠤᠨ ᠢ

ᠡᠰᠡᠷᠭᠦᠴᠡᠭᠰᠡᠨ ᠵᠠᠪᠰᠡᠭᠲᠦ ᠪᠤᠰᠤᠯᠭ᠎ᠠ ᠶᠢᠨ ᠲᠤᠷᠠᠰᠬᠠᠯ ᠤᠨ ᠬᠦᠰᠢᠶ᠎ᠡ ᠶᠢ ᠵᠠᠰᠡᠨ‌‍ᠰᠡᠯᠪᠢᠬᠦ ᠠᠵᠢᠯ ᠢ ᠪᠡᠶᠡᠯᠡᠭᠦᠯᠵᠦ᠂

ᠰᠤᠶᠤᠯ ᠤᠨ ᠦᠪ ᠢ ᠬᠠᠮᠠᠭᠠᠯᠠᠬᠤ ᠰᠠᠭᠤᠷᠢ ᠶᠢ ᠪᠠᠲᠤᠳᠬᠠᠪᠡ᠃ ᠬᠤᠲᠡ ᠶᠢᠨ ᠲᠡᠰ᠂ ᠤᠷᠤᠨ ᠤ ᠲᠡᠰ ᠪᠤᠯᠤᠨ

ᠤᠯᠤᠰ ᠤᠨ ᠲᠡᠰ ᠤᠨ ᠪᠤᠳᠠᠰ ᠤᠨ ᠪᠤᠰᠦ ᠰᠤᠶᠤᠯ ᠤᠨ ᠦᠪ ᠤᠨ ᠬᠠᠮᠠᠭᠠᠯᠠᠬᠤ ᠲᠦᠷᠦᠯ ᠵᠦᠢᠯ ᠢ ᠡᠷᠡᠮᠡᠯᠵᠡᠭᠦᠯᠦᠨ

ᠮᠡᠲᠡᠭᠦᠯᠵᠦ᠂ ᠤᠳᠤᠬᠠᠨ ᠳᠤ ᠨᠢᠭᠡᠨᠲᠡ ᠵᠦᠪᠰᠢᠶᠠᠷᠡᠭᠰᠡᠨ ᠤᠷᠤᠨ ᠤ ᠲᠡᠰ ᠤᠨ ᠰᠤᠶᠤᠯ ᠤᠨ ᠦᠪ 1 ᠲᠦᠷᠦᠯ᠂

ᠬᠤᠲᠡ ᠶᠢᠨ ᠲᠡᠰ ᠤᠨ 11 ᠲᠦᠷᠦᠯ ᠪᠠᠶᠢᠵᠦ᠂ ᠬᠤᠰᠢᠭᠤᠨ ᠤ ᠲᠡᠰ ᠤᠨ ᠬᠢ 36 ᠲᠦᠷᠦᠯ ᠬᠦᠮᠦᠵᠢᠭᠦᠯᠵᠦ᠂

2016 ᠤᠨ᠂ ᠮᠡᠨ ᠤ ᠬᠤᠰᠢᠭᠤ ︽ᠪᠦᠭᠦ ᠤᠷᠤᠨ ᠤ ᠰᠤᠶᠤᠯ ᠤᠨ ᠦᠪ ᠤᠨ ᠠᠵᠢᠯ ᠤᠨ ᠬᠤᠰᠢᠭᠤᠴᠢ ᠨᠢᠭᠡᠴᠡ︾

 ᠪᠠᠷ ᠦᠨᠡᠯᠡᠭᠲᠡᠪᠡ᠃

      ᠠᠭᠤᠰᠤᠯᠴᠡᠯ ᠬᠦᠭᠵᠢᠯᠲᠡ ᠶᠢ ᠴᠢᠩᠭᠠᠷᠠᠭᠤᠯᠵᠦ᠂ ᠦᠢᠯᠡᠰ ᠤᠨ ᠬᠡᠯᠪᠡᠷᠢ ᠶᠢᠨ ᠦᠭᠡᠷᠡᠴᠢᠯᠡᠯᠲᠡ ᠶᠢ

ᠲᠠᠶᠢᠴᠢᠯᠡᠨ᠎ᠡ᠃ ᠰᠤᠶᠤᠯ ᠤᠨ ᠡᠯᠪᠡᠭ ᠰᠤᠷᠪᠤᠯᠵᠢ ᠳᠤ ᠲᠦᠰᠢᠭᠯᠡᠨ᠂ ᠮᠠᠨ ᠤ ᠬᠤᠰᠢᠭᠤ ᠰᠤᠶᠤᠯ ᠵᠢᠭᠤᠯᠴᠢᠯᠡᠯ ᠤᠨ

ᠠᠭᠤᠰᠤᠯᠴᠡᠨ ᠬᠦᠭᠵᠢᠬᠦ ᠶᠢ ᠠᠬᠢᠭᠤᠯᠵᠦ᠂ ᠰᠤᠶᠤᠯ ᠵᠢᠭᠤᠯᠴᠢᠯᠡᠯ ᠤᠨ ᠠᠭᠤᠰᠤᠯᠴᠡᠨ ᠬᠦᠭᠵᠢᠬᠦ ᠲᠠᠪᠴᠡᠩ ᠢ

ᠰᠢᠨᠡᠴᠢᠯᠡᠵᠦ᠂ ᠵᠢᠭᠤᠯᠴᠢᠯᠡᠯ ᠤᠨ ᠦᠢᠯᠡᠰ ᠤᠨ ᠬᠡᠯᠪᠡᠷᠢ ᠶᠢᠨ ᠦᠭᠡᠷᠡᠴᠢᠯᠡᠯᠲᠡ ᠶᠢ ᠲᠠᠶᠢᠴᠢᠯᠠᠨ᠎ᠡ᠃ ᠨᠡᠭᠦᠳᠡᠯ ᠰᠤᠶᠤᠯ

 ᠢᠶᠠᠷ ᠲᠦᠪ ᠪᠤᠯᠭᠠᠨ᠂ ᠮᠤᠩᠭᠤᠯ ᠰᠤᠶᠤᠯ᠂ ᠰᠠᠨ ᠰᠢ ᠱᠠᠨᠰᠢ ᠤᠷᠤᠨ ᠤ ᠰᠤᠶᠤᠯ᠂ ᠬᠤᠪᠢᠰᠬᠠᠯ ᠤᠨ ᠰᠤᠶᠤᠯ ‍ᠤᠨ‌ᠡᠬᠢ

ᠪᠠᠶᠠᠯᠢᠭ ᠢ ᠨᠢᠭᠡᠳᠦᠭᠦᠯᠦᠨ᠂ ᠨᠡᠷ᠎ᠡ ᠲᠡᠮᠲᠡᠭᠲᠦ ᠪᠠᠶᠠᠷ ᠲᠤᠷᠠᠰᠬᠠᠯ ᠤᠨ ᠬᠦᠳᠡᠯᠭᠡᠭᠡᠨ ᠢ ᠪᠦᠲᠦᠭᠡᠵᠦ᠂ ᠲᠤᠮᠳᠠᠳᠤ

ᠤᠯᠤᠰ ᠤᠨ ᠨᠡᠭᠦᠲᠡᠯ ᠰᠤᠶᠤᠯ ᠤᠨ ᠵᠤᠭᠠᠴᠠᠯ ᠤᠨ ᠨᠠᠶᠢᠷ ᠢ ᠲᠦᠷᠪᠡᠨ ᠵᠢᠯ ᠲᠠᠷᠠᠭᠠᠯᠠᠨ ᠠᠮᠵᠢᠯᠲᠡ ᠲᠠᠢ

ᠶᠠᠪᠤᠭᠳᠠᠭᠤᠯᠵᠦ᠂ ᠨᠠᠭᠠᠳᠤᠮ ᠤᠨ ᠬᠤᠷᠠᠯ᠂ ᠡᠷ᠎ᠡ ᠶᠢᠨ ᠭᠤᠷᠪᠠᠨ ᠨᠠᠭᠠᠳᠤᠮ᠂ ᠬᠠᠰᠠᠷ ᠤᠨ ᠲᠠᠬᠢᠯᠭ᠎ᠠ᠂ ᠠᠳᠣᠭᠤᠨ

ᠰᠤᠶᠤᠯ ᠵᠠᠷᠭᠡ ᠮᠤᠩᠭᠤᠯ ᠦᠨᠳᠦᠰᠦᠲᠡᠨ ᠤ ᠡᠯᠪᠡᠭ ᠰᠤᠶᠤᠯ ᠢ ᠢᠯᠡᠷᠡᠭᠦᠯᠵᠦ᠂ ᠵᠢᠭᠤᠯᠴᠢᠯᠠᠯ ᠤᠨ ᠦᠢᠯᠡᠰ ᠤᠨ

ᠬᠡᠯᠪᠡᠷᠢ ᠨᠢ ᠲᠡᠯ᠎ᠡ ᠨᠤᠲᠤᠭ ᠤᠨ ᠦᠵᠡᠮᠵᠢ ᠶᠢ ᠰᠤᠨᠢᠷᠬᠠᠬᠤ ᠠᠴᠠ ᠰᠤᠶᠤᠯ ᠤᠨ ᠭᠤᠴᠦ ᠶᠢ ᠦᠢᠯᠠᠭᠠᠬᠤ ᠲᠡᠰᠢ

ᠦᠭᠡᠷᠡᠴᠢᠯᠡᠪᠡ᠃ ᠦᠵᠡᠯᠲᠡ ᠪᠠᠨ ᠦᠭᠡᠷᠡᠴᠢᠯᠡᠵᠦ᠂ ᠰᠤᠶᠤᠯ ᠲᠠᠮᠢᠷ ᠵᠢᠭᠤᠯᠴᠢᠯᠠᠯ ᠤᠨ ᠠᠭᠤᠰᠤᠯᠴᠡᠨ ᠬᠦᠭᠵᠢᠬᠦ ᠶᠢ

ᠠᠬᠢᠭᠤᠯᠵᠦ᠂ ᠡᠪᠤᠯ ᠤᠨ ᠤᠯᠠᠷᠢᠯ ᠤᠨ ᠵᠤᠭᠠᠴᠡᠯ ᠬᠤᠮᠰᠡ ᠪᠠᠶᠢᠲᠡᠯ ᠢ ᠰᠢᠪᠲᠤᠯᠵᠦ᠂ ᠱᠢ ᠮᠤᠤ ᠶᠠ ᠵᠢᠦᠢ ᠪᠦᠯᠦᠭᠯᠡᠯ

ᠵᠠᠷᠭᠡ ᠶᠢ ᠲᠡᠳᠠᠨ ᠤᠷᠤᠭᠤᠯᠵᠦ᠂ ᠡᠪᠤᠯ ᠤᠨ ᠤᠯᠠᠷᠢᠯ ᠤᠨ ᠮᠦᠰᠦ ᠴᠠᠰᠦᠨ ᠤ ᠵᠤᠭᠠᠴᠡᠯ᠂ ᠲᠠᠮᠢᠷ ᠤᠷᠠᠯᠢᠭ ᠤᠨ

ᠵᠤᠭᠠᠴᠡᠯ ᠢ ᠨᠡᠭᠡᠭᠡᠵᠦ᠂ ᠮᠦᠰᠦ ᠴᠠᠰᠣᠲᠦ ᠬᠦᠷᠢᠶᠠᠯᠡᠩ᠂ ᠲᠤᠮᠦ ᠬᠡᠯᠪᠡᠷᠢ ᠶᠢᠨ ᠴᠠᠰᠦ ᠭᠤᠯᠭᠤᠬᠤ ᠲᠡᠯᠠᠪᠠᠢ ᠢ

ᠪᠠᠶᠢᠭᠤᠯᠵᠦ᠂ ︽ᠮᠦᠰᠦ ᠴᠠᠰᠤᠲᠦ ᠲᠡᠯ᠎ᠡ ᠨᠤᠲᠤᠭ᠂ ᠮᠤᠨᠲᠠᠭ ᠭᠤᠶᠤ ᠲᠠᠷᠬᠠᠨ ᠮᠤᠤᠮᠢᠩᠭᠠᠨ︾ ᠵᠤᠭᠠᠴᠡᠯ ᠤᠨ ᠨᠠᠶᠢᠷ ᠢ

ᠡᠷᠬᠢᠯᠡᠵᠦ᠂ ᠢᠳᠡᠭᠡᠨ ᠤᠮᠳᠠᠭᠠᠨ ᠤ ᠦᠢᠯᠡᠰ᠂ ᠵᠢᠵᠢᠭᠯᠡᠨ ᠬᠤᠲᠠᠯᠳᠤᠬᠤ ᠦᠢᠯᠡᠰ ᠵᠡᠷᠭᠡ ᠶᠢ ᠬᠠᠮᠲᠦ ᠪᠠᠷ

ᠬᠦᠭᠵᠢᠭᠦᠯᠪᠡ᠃ 2016 ᠤᠨ ᠳᠤ᠂ ᠵᠢᠭᠤᠯᠴᠢᠯᠡᠯ ᠤᠨ ᠬᠦᠯᠢᠶᠠᠨ ᠠᠪᠬᠤ ᠬᠦᠮᠦᠨ ᠤ ᠲᠤᠭ᠎ᠠ ᠨᠢ 200 ᠲᠦᠮᠡᠨ

ᠬᠦᠮᠦᠨ ︵ᠤᠳᠠᠭ᠎ᠠ︶ ᠶᠢ ᠲᠠᠪᠠᠵᠦ᠂ ᠲᠠᠮᠢᠷ ᠤᠷᠠᠯᠢᠭ ᠤᠨ ᠦᠢᠯᠡᠰ ᠤᠨ ᠰᠠᠭᠤᠷᠢᠨ ᠭᠠᠵᠠᠷ ᠪᠡ ᠲᠠᠮᠢᠷ ᠪᠤᠯᠪᠠᠰᠤᠷᠡᠯ

 ᠤᠨ ᠰᠠᠭᠤᠷᠢᠨ ᠭᠠᠵᠠᠷ ᠪᠤᠯᠬᠤ ᠪᠠᠷ ᠠᠮᠵᠢᠯᠲᠡ ᠲᠠᠢ ᠡᠷᠡᠮᠡᠯᠵᠡᠵᠦ᠂ ᠰᠤᠶᠤᠯ᠂ ᠲᠠᠮᠢᠷ᠂ ᠵᠢᠭᠤᠯᠴᠢᠯᠡᠯ ᠤᠨ ᠦᠢᠯᠡᠰ

ᠭᠦᠨᠵᠡᠭᠡᠢ ᠠᠭᠤᠰᠤᠯᠴᠡᠨ ᠬᠦᠭᠵᠢᠬᠦ ᠶᠢ ᠦᠨᠡᠨᠬᠦ ᠪᠡᠶᠡᠯᠡᠭᠦᠯᠪᠡ᠃

      ᠬᠦᠲᠦᠯᠦᠭᠴᠢ᠄ ᠲᠠᠷᠠᠭᠠᠴᠢ ᠶᠢᠨ ᠠᠯᠬᠤᠮ ᠳᠤ᠂ ᠰᠤᠶᠤᠯ ᠢᠶᠠᠷ ᠲᠠᠭᠠᠭᠤᠯᠬᠤ ᠬᠦᠴᠦᠨ ᠢ ᠴᠢᠩᠭᠠᠷᠠᠭᠤᠯᠵᠦ᠂

ᠰᠤᠶᠤᠯ ᠤᠨ ᠲᠠᠯᠲᠡ ᠬᠦᠴᠦᠨ ᠢ ᠢᠯᠡᠷᠡᠭᠦᠯᠬᠦ ᠲᠡᠯ᠎ᠡ ᠪᠠᠷ᠂ ᠮᠠᠨ ᠤ ᠬᠤᠰᠢᠭᠤ ᠶᠠᠮᠠᠷ ᠠᠷᠭ᠎ᠠ ᠬᠡᠮᠵᠢᠶ᠎ᠡ ᠠᠪᠬᠤ ᠪᠠᠷ

ᠪᠠᠶᠢᠬᠤ ᠪᠤᠢ︖

      ᠡᠩᠬᠡᠳᠦ᠋ᠪᠰᠢᠨ᠄ ᠲᠠᠷᠠᠭ᠎ᠠ ᠠᠯᠬᠤᠮ ᠳᠤ᠂ ᠮᠡᠨ ᠤ ᠬᠤᠰᠢᠭᠤ ᠰᠤᠶᠤᠯ ᠢᠶᠠᠷ ᠲᠠᠭᠠᠭᠤᠯᠵᠦ᠂ ᠵᠢᠭᠤᠯᠴᠢᠯᠡᠯ ᠢᠶᠠᠷ

ᠲᠠᠶᠢᠴᠢᠯᠠᠬᠤ ᠶᠢ ᠴᠢᠩᠭ᠎ᠠ ᠪᠠᠷᠢᠮᠲᠠᠯᠠᠵᠦ᠂ ᠰᠤᠶᠤᠯ ᠵᠢᠭᠤᠯᠴᠢᠯᠡᠯ ᠤᠨ ᠠᠭᠤᠰᠤᠯᠴᠡᠨ ᠬᠦᠭᠵᠢᠬᠦ ᠶᠢ

ᠦᠷᠬᠦᠯᠵᠢᠯᠡᠨ‌ᠠᠬᠢᠭᠤᠯᠵᠦ᠂ ᠬᠤᠰᠢᠭᠤᠨ ᠤ ︽ᠪᠦᠭᠦ ᠲᠡᠯ᠎ᠡ ᠪᠠᠷ ᠬᠡᠯᠪᠡᠷᠢ ᠪᠠᠨ ᠦᠭᠡᠷᠡᠴᠢᠯᠡᠵᠦ᠂ ᠨᠡᠭᠡᠭᠡᠯᠲᠡ ᠲᠠᠢ

ᠬᠦᠭᠵᠢᠭᠦᠯᠬᠦ︾ ᠶᠢ ᠬᠦᠴᠦᠯᠡᠨ ᠠᠬᠢᠭᠤᠯᠤᠨ᠎ᠡ᠃ ᠦᠨᠳᠤᠰᠤᠨ ᠱᠠᠲᠤᠨ ᠤ ᠰᠠᠭᠤᠷᠢ ᠶᠢ ᠪᠠᠬᠢᠵᠢᠭᠦᠯᠵᠦ᠂ ᠤᠯᠡᠨ

ᠨᠡᠶᠢᠲᠡ ᠶᠢᠨ ᠰᠤᠶᠤᠯ ᠤᠨ ᠦᠢᠯᠡᠴᠢᠯᠡᠭᠡᠨ ᠤ ᠲᠦᠭᠦᠭᠡᠷᠦᠮᠵᠢ ᠪᠡ ᠲᠠᠪᠴᠡᠩ ᠤᠨ ᠪᠦᠲᠦᠭᠡᠨ ᠪᠠᠶᠢᠭᠤᠯᠤᠯᠲᠡ ᠶᠢ

ᠭᠤᠤᠯᠳᠠᠯᠭ᠎ᠠ ᠲᠠᠢ ᠠᠳᠬᠤᠵᠦ᠂ ᠬᠤᠰᠢᠭᠤᠨ ᠤ ᠤᠯᠠᠨ ᠨᠡᠶᠢᠳᠡ ᠶᠢᠨ ᠰᠣᠶᠣᠯ ᠤᠨ ᠦᠢᠯᠡᠴᠢᠯᠡᠭᠡᠨ ᠤ ᠲᠥᠪ ᠤᠨ

︽ᠲᠦᠷᠪᠡᠨ ᠰᠣᠶᠣᠯ ᠤᠨ ᠳᠠᠩ ᠴᠤᠭᠴᠠ︾ ᠶᠢ ᠪᠠᠶᠢᠭᠤᠯᠵᠦ᠂ ᠪᠠᠢ ᠯᠢᠩ ᠨᠠᠭᠠᠳᠤᠮ ᠰᠤᠶᠤᠯ ︵ᠲᠠᠮᠢᠷ︶ ᠤᠨ ᠠᠵᠦ

ᠦᠢᠯᠡᠰ ᠤᠨ ᠲᠤᠭᠤᠷᠢᠭ ᠤᠨ ᠰᠠᠭᠤᠷᠢ ᠲᠦᠭᠦᠭᠡᠷᠦᠮᠵᠢ ᠶᠢ ᠲᠡᠭᠦᠯᠳᠡᠷᠵᠢᠭᠦᠯᠵᠦ᠂ ᠰᠤᠶᠤᠯ ᠤᠨ ᠦᠪ ᠢ ᠬᠠᠮᠠᠭᠠᠯᠠᠬᠤ

ᠬᠦᠴᠦᠯᠡᠴᠨ ᠪᠠᠨ ᠴᠢᠩᠭᠠᠷᠠᠭᠤᠯᠵᠦ᠂ ᠦᠨᠳᠦᠰᠦᠲᠡᠨ ᠤ ᠰᠢᠯᠢᠳᠡᠭ ᠰᠤᠶᠤᠯ ᠢ ᠮᠠᠨᠳᠤᠭᠤᠯᠵᠦ᠂ ᠠᠷᠡᠳ ᠤᠯᠡᠨ ᠤ

ᠰᠤᠶᠤᠯ ᠠᠮᠢᠳᠤᠷᠠᠯ ᠢ ᠡᠯᠪᠡᠭᠵᠢᠭᠦᠯᠦᠨ᠎ᠡ᠃

      ᠬᠤᠳᠠᠯᠳᠤᠭᠠᠴᠢᠨ ᠤᠷᠢᠵᠦ ᠪᠡᠯᠡ ᠲᠡᠳᠠᠬᠤ ᠶᠢ ᠴᠢᠩᠭᠠᠷᠠᠭᠤᠯᠵᠦ᠂ ᠰᠤᠶᠤᠯ ᠤᠨ ᠦᠢᠯᠡᠰ ᠤᠨ ᠬᠦᠭᠵᠢᠯᠲᠡ

 ᠶᠢ ᠠᠬᠢᠭᠤᠯᠤᠨ᠎ᠡ᠃ ᠪᠠᠢ ᠯᠢᠩ ᠨᠠᠭᠠᠳᠤᠮ ᠰᠤᠶᠤᠯ ︵ᠲᠠᠮᠢᠷ︶ ᠤᠨ ᠠᠵᠦ ᠦᠢᠯᠡᠰ ᠤᠨ ᠲᠤᠭᠤᠷᠢᠭ ᠤᠨ

ᠲᠦᠪᠯᠡᠷᠡᠭᠦᠯᠬᠦ ᠦᠢᠯᠡᠳᠦᠯ ᠢ ᠬᠦᠢᠴᠡᠳ ᠪᠠᠳᠠᠷᠠᠭᠤᠯᠵᠦ᠂ ᠠᠮᠢ ᠠᠬᠤᠢ ᠶᠢᠨ ᠬᠦᠷᠢᠶᠠᠯᠡᠩ ᠤᠨ ᠪᠦᠲᠦᠭᠡᠨ

ᠪᠠᠶᠢᠭᠤᠯᠤᠯᠲᠡ ᠶᠢ ᠲᠦᠷᠭᠡᠳᠭᠡᠵᠦ᠂ ᠰᠤᠶᠤᠯ ᠲᠠᠮᠢᠷ ‍ᠤᠨ‌ᠠᠵᠦ ᠠᠬᠤᠶᠢᠯᠡᠯ᠂ ᠵᠢᠭᠤᠯᠴᠢᠯᠡᠯ ᠤᠨ ᠠᠵᠦ ᠠᠬᠤᠶᠢᠯᠠᠯ ᠢ

ᠲᠡᠳᠡᠨ ᠤᠷᠤᠭᠤᠯᠵᠦ᠂ ᠤᠯᠠᠨᠰᠦ᠋ᠮ᠎ᠡ ᠶᠢᠨ ᠬᠠᠭᠤᠴᠢᠨ ᠬᠤᠲᠡ᠂ ᠪᠠᠲᠤᠬᠠᠭᠠᠯᠭ᠎ᠠ ᠶᠢᠨ ᠬᠠᠭᠤᠴᠢᠨ ᠬᠤᠲᠡ ᠪᠤᠯᠤᠨ

ᠪᠠᠲᠤᠬᠠᠭᠠᠯᠭ᠎ᠠ ᠶᠢᠨ ᠬᠤᠪᠢᠰᠬᠠᠯᠲᠦ ᠰᠤᠶᠤᠯ ᠤᠨ ᠵᠠᠩ ᠤᠶᠢᠯᠡ ᠶᠢᠨ ᠪᠠᠯᠭᠠᠰᠦ ᠶᠢ ᠲᠦᠯᠦᠪᠯᠡᠨ ᠪᠠᠶᠢᠭᠤᠯᠵᠦ᠂

ᠰᠤᠶᠤᠯ ᠤᠨ ᠦᠢᠯᠡᠰ ᠤᠨ ᠬᠡᠯᠪᠡᠷᠢ ᠶᠢᠨ ᠦᠭᠡᠷᠡᠴᠢᠯᠡᠯᠲᠡ ᠶᠢ ᠠᠬᠢᠭᠤᠯᠤᠨ᠎ᠡ᠃

      ᠭᠤᠤᠯ ᠰᠡᠳᠤᠪ ᠢᠶᠠᠨ ᠲᠤᠪᠤᠶᠢᠯᠭᠠᠵᠦ᠂ ᠰᠤᠳᠤᠨ ᠨᠡᠷᠡᠳᠦ ᠲᠡᠮᠲᠡᠭᠲᠦ ᠬᠦᠳᠡᠯᠭᠡᠭᠡᠨ ᠢ ᠪᠦᠷᠢᠯᠳᠤᠭᠦᠯᠦᠨ᠎ᠡ᠃

ᠤᠯᠤᠰ ᠤᠨ ᠪᠦᠬᠦᠶᠢᠯᠡ ᠤᠷᠤᠨ ᠪᠦᠰᠡ ᠶᠢᠨ ᠵᠢᠭᠤᠯᠴᠢᠯᠡᠯ ᠤᠨ ᠤᠷᠤᠨ ᠢ ᠪᠠᠶᠢᠭᠤᠯᠬᠤ ᠤᠷᠴᠢᠨ ᠳᠤ ᠲᠦᠪᠯᠡᠷᠡᠨ᠂

ᠨᠡᠭᠦᠳᠡᠯ ᠰᠤᠶᠤᠯ ᠤᠨ ᠲᠠᠶᠢᠴᠢᠯᠠᠬᠤ ᠦᠢᠯᠡᠳᠦᠯ ᠢ ᠨᠡᠩ ᠰᠠᠶᠢᠨ ᠪᠠᠲᠡᠷᠠᠭᠤᠯᠵᠦ᠂ ᠰᠤᠶᠤᠯ ᠤᠨ ᠪᠦᠲᠦᠭᠳᠡᠭᠦᠨ ᠶᠢ

ᠡᠯᠪᠡᠭᠵᠢᠭᠦᠯᠵᠦ᠂ ᠵᠢᠭᠤᠯᠴᠢᠯᠡᠯ ᠤᠨ ᠤᠷᠠᠨ ᠰᠠᠶᠢᠬᠠᠨ ᠤ ᠵᠦᠢᠯᠡᠰ ᠢ ᠪᠦᠲᠦᠭᠡᠵᠦ᠂ ᠲᠤᠮᠳᠠᠳᠦ ᠤᠯᠤᠰ ᠤᠨ ᠨᠡᠭᠦᠳᠡᠯ

ᠰᠤᠶᠤᠯ ᠤᠨ ᠵᠤᠭᠠᠴᠠᠯ ‍ᠤᠨ‌ᠨᠠᠶᠢᠷ ᠢ ᠬᠡᠪᠴᠢᠶ᠎ᠡ ᠪᠠᠷ ᠤᠯᠡᠮ ᠦᠷᠭᠡᠨ᠂ ᠠᠭᠤᠯᠭ᠎ᠠ ᠪᠠᠷ ᠤᠯᠡᠮ ᠪᠠᠶᠠᠯᠢᠭ ᠪᠤᠯᠭᠠᠨ

ᠡᠷᠬᠢᠯᠡᠵᠦ᠂ ᠮᠤᠩᠭᠤᠯ ᠦᠨᠳᠦᠰᠦᠲᠡᠨ ᠤ ᠵᠠᠩ ᠦᠢᠯᠡ ᠶᠢ ᠦᠢᠯᠠᠭᠠᠬᠤ ᠲᠦᠪ᠂ ᠲᠡᠯ᠎ᠡ ᠨᠤᠲᠤᠭ ᠤᠨ ᠦᠵᠮᠡᠵᠢ ᠵᠢᠴᠢ

ᠨᠡᠭᠦᠲᠡᠯ ᠰᠤᠶᠤᠯ ᠢ ᠦᠢᠯᠠᠭᠠᠬᠤ ᠲᠦᠪ ᠢ ᠪᠠᠶᠢᠭᠤᠯᠤᠨ᠎ᠡ᠃

      ᠠᠭᠤᠰᠤᠯᠴᠡᠨ ᠬᠦᠭᠵᠢᠬᠦ ᠶᠢ ᠴᠢᠩᠭᠠᠷᠠᠭᠤᠯᠵᠦ᠂ ᠰᠢᠨ᠎ᠡ ᠪᠠᠷ ᠮᠠᠨᠳᠤᠭᠰᠡᠨ ᠰᠤᠶᠤᠯ ᠵᠢᠭᠤᠯᠴᠢᠯᠡᠯ ᠤᠨ

ᠦᠢᠯᠡᠰ ᠢ ᠬᠦᠭᠵᠢᠭᠦᠯᠦᠨ᠎ᠡ᠃ ᠪᠠᠷᠢᠮᠵᠢᠶᠠᠯᠠᠭᠰᠡᠨ ᠪᠦᠲᠦᠭᠡᠨ ᠪᠠᠶᠢᠭᠤᠯᠤᠯᠲᠡ ᠶᠢ ᠭᠡᠷᠡᠭᠵᠢᠭᠦᠯᠵᠦ᠂ ᠰᠢᠷᠠᠮᠦ᠋ᠷᠡᠨ᠂

ᠮᠢᠩᠭᠠᠨ᠂ ᠲᠠᠷᠬᠠᠨ᠂ ᠮᠠᠨᠳᠤᠯ ᠲᠦᠷᠪᠡᠨ ᠶᠡᠭᠡ ᠲᠡᠯ᠎ᠡ ᠨᠤᠲᠤᠭ ᠤᠨ ᠲᠦᠪ ᠦᠵᠡᠮᠵᠢ ᠶᠢᠨ ᠤᠷᠤᠨ ᠤ ᠪᠠᠶᠢᠭᠤᠯᠤᠯᠲᠡ

 ᠶᠢ ᠲᠦᠷᠭᠡᠳᠭᠡᠵᠦ᠂ ᠲᠡᠯ᠎ᠡ ᠨᠤᠲᠤᠭ ᠤᠨ ᠰᠤᠶᠤᠯ ᠤᠨ ᠵᠢᠭᠤᠯᠴᠢᠯᠡᠯ᠂ ᠬᠢᠯᠢ ᠠᠯᠤᠰᠯᠠᠭᠰᠡᠨ ᠵᠢᠭᠤᠯᠴᠢᠯᠡᠯ᠂ ᠲᠠᠷᠬᠠᠨ

ᠮᠤᠤᠮᠢᠩᠭᠠᠨ ᠤ ᠴᠢᠯᠦᠭᠡᠲᠦ ᠠᠶᠠᠯᠡᠯ᠂ ᠲᠦᠷᠪᠡᠨ ᠤᠯᠠᠷᠢᠯ ᠤᠨ ᠲᠠᠷᠬᠠᠨ ᠮᠤᠤᠮᠢᠩᠭᠠᠨ ᠵᠠᠷᠭᠡ ᠵᠢᠭᠤᠯᠴᠢᠯᠡᠯ ᠤᠨ

ᠨᠡᠷᠡᠲᠦ ᠲᠡᠮᠲᠡᠭ ᠪᠤᠯᠤᠨ ᠬᠦᠳᠡᠭᠡ ᠲᠤᠰᠬᠤᠨ ᠤ ᠵᠢᠭᠤᠯᠴᠢᠯᠡᠯ᠂ ᠰᠡᠯᠡᠭᠦᠴᠡᠯ ᠠᠮᠠᠷᠠᠯᠲᠡ ᠶᠢᠨ ᠵᠤᠭᠠᠴᠡᠯ ᠵᠠᠷᠭᠡ

ᠰᠢᠨ᠎ᠡ ᠦᠢᠯᠡᠰ ᠢ ᠬᠦᠮᠦᠵᠢᠭᠦᠯᠵᠦ᠂ ᠤᠮᠠᠷᠠᠲᠦ ᠬᠢᠯᠢ ᠶᠢᠨ ᠦᠪᠡᠷᠮᠢᠴᠡ ᠤᠨᠴᠠᠯᠢᠭ ᠲᠠᠢ ᠲᠡᠯ᠎ᠡ ᠨᠤᠳᠤᠭ ᠤᠨ

ᠰᠤᠶᠤᠯ ᠤᠨ ᠵᠤᠭᠠᠴᠡᠯ ᠰᠡᠯᠡᠭᠦᠴᠡᠯ ᠤᠨ ᠭᠠᠵᠠᠷ ᠤᠨ ᠪᠦᠲᠦᠭᠡᠨ ᠪᠠᠶᠢᠭᠤᠯᠤᠯᠲᠡ ᠶᠢ ᠲᠦᠷᠭᠡᠳᠭᠡᠨ᠎ᠡ᠃

 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号